《ᠭᠣᠸ᠎ᠠ ᠤᠯᠠᠷᠢᠯ 2026》 ᠡᠮᠡᠭᠲᠡᠢ ᠢᠷᠠᠭᠤ ᠨᠠᠢᠷᠠᠭᠴᠢᠳ ᠤᠨ ᠤᠩᠰᠢᠯᠭ᠎ᠠ ᠨᠢ ᠡᠳᠦᠭᠡ ᠲᠠᠪᠤᠳᠠᠬᠢ ᠨᠠᠮᠤᠷ ᠲᠠᠢ ᠪᠠᠨ ᠵᠣᠯᠭᠠᠵᠤ ᠪᠠᠢᠨ᠎ᠠ᠃ ᠤᠭ ᠤᠩᠰᠢᠯᠭ᠎ᠠ ᠡᠨᠡ ᠰᠠᠷ᠎ᠠ ᠶᠢᠨ 29 ᠳᠦ ᠪᠤᠶᠤ ᠫᠦᠷᠪᠦ ᠭᠠᠷᠠᠭ ᠲᠤ ᠵᠣᠬᠢᠶᠠᠨ ᠪᠠᠢᠭᠤᠯᠤᠭᠳᠠᠬᠤ ᠪᠠᠷ ᠪᠣᠯᠵᠠᠢ᠃
ᠡᠨᠡ ᠵᠢᠯ ᠦᠨ 《ᠭᠣᠸ᠎ᠠ ᠤᠯᠠᠷᠢᠯ》 ᠢ ᠮᠣᠩᠭᠣᠯ ᠤᠨ ᠵᠠᠯᠠᠭᠤᠴᠤᠳ ᠤᠨ ᠬᠣᠯᠪᠣᠭᠠᠨ ᠤ ᠰᠤᠶᠤᠯ᠂ ᠤᠷᠠᠯᠢᠭ ᠤᠨ ᠪᠠᠢᠩᠭᠤ ᠶᠢᠨ ᠬᠣᠷᠢᠶ᠎ᠠ ᠬᠠᠮᠲᠤᠷᠠᠨ ᠵᠣᠬᠢᠶᠠᠨ ᠪᠠᠢᠭᠤᠯᠵᠤ᠂ ᠭᠡᠷᠡᠯ ᠵᠢᠷᠤᠭ ᠤᠨ ᠦᠵᠡᠰᠬᠦᠯᠡᠩ ᠳᠦ 15 ᠡᠮᠡᠭᠲᠡᠢ ᠭᠡᠷᠡᠯ ᠵᠢᠷᠤᠭᠴᠢᠨ ᠤ ᠪᠦᠲᠦᠭᠡᠯ ᠦᠨ ᠦᠵᠡᠰᠬᠦᠯᠡᠩ ᠢ ᠭᠠᠷᠭᠠᠨ᠎ᠠ᠃



