ᠪᠣᠭᠳᠠ ᠬᠠᠨ ᠠᠭᠤᠯᠠᠨ ᠳᠤ ᠡᠺᠤᠯᠤᠭᠢ ᠶᠢᠨ ᠭᠠᠷᠴᠠ ᠪᠠᠢᠭᠤᠯᠤᠨ᠎ᠠ | News.MN

ᠪᠣᠭᠳᠠ ᠬᠠᠨ ᠠᠭᠤᠯᠠᠨ ᠳᠤ ᠡᠺᠤᠯᠤᠭᠢ ᠶᠢᠨ ᠭᠠᠷᠴᠠ ᠪᠠᠢᠭᠤᠯᠤᠨ᠎ᠠ

ᠪᠣᠭᠳᠠ ᠬᠠᠨ ᠠᠭᠤᠯᠠ ᠶᠢᠨ ᠵᠡᠷᠯᠢᠭ ᠠᠮᠢᠲᠠᠳ ᠤᠨ ᠨᠡᠭᠦᠳᠡᠯ ᠢ ᠬᠠᠮᠠᠭᠠᠯᠠᠬᠤ᠂ ᠠᠮᠢᠳᠤᠷᠠᠬᠤ ᠣᠷᠴᠢᠨ ᠤ ᠡᠺᠤᠯᠤᠭᠢ ᠶᠢᠨ ᠬᠣᠯᠪᠣᠭᠠᠰᠤ ᠶᠢ ᠬᠠᠳᠠᠭᠠᠯᠠᠬᠤ᠂ ᠠᠦ᠋ᠲ᠋ᠣ᠋ ᠵᠠᠮ ᠤᠨ ᠰᠥᠷᠭᠦ ᠨᠥᠯᠥᠭᠡᠯᠡᠯ ᠢ ᠪᠠᠭᠤᠷᠠᠭᠤᠯᠬᠤ ᠵᠣᠷᠢᠯᠭ᠎ᠠ ᠪᠠᠷ ᠡᠺᠤᠯᠤᠭᠢ ᠶᠢᠨ ᠭᠠᠷᠴᠠ ᠪᠠᠢᠭᠤᠯᠬᠤ ᠠᠵᠢᠯ ᠢ 8 ᠳ᠋ᠤᠭᠠᠷ ᠰᠠᠷ᠎ᠠ ᠳᠤ ᠤᠯᠠᠭᠠᠨᠪᠠᠭᠠᠲᠤᠷ ᠬᠣᠲᠠ ᠳᠤ ᠪᠣᠯᠤᠭᠰᠠᠨ CОР 17 ᠬᠤᠷᠠᠯ ᠤᠨ ᠦᠶ᠎ᠡ ᠪᠡᠷ ᠰᠠᠨᠠᠭᠠᠴᠢᠯᠠᠨ᠂ 《ᠰᠠᠨᠠᠮᠵᠢ ᠪᠢᠴᠢᠭ》 ᠪᠠᠢᠭᠤᠯᠤᠭᠰᠠᠨ᠃

ᠡᠨᠡ ᠬᠦ ᠲᠥᠰᠥᠯ ᠢ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠪᠢᠣᠯᠣᠭᠢ ᠶᠢᠨ ᠬᠦᠷᠢᠶᠡᠯᠡᠩ ᠦᠨ ᠰᠤᠳᠤᠯᠭᠠᠨ ᠳᠦ ᠦᠨᠳᠦᠰᠦᠯᠡᠨ ᠪᠠᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠶᠠᠮᠤᠨ ᠤ ᠵᠠᠬᠢᠶᠠᠯᠠᠭ᠎ᠠ ᠪᠠᠷ᠂ ᠪᠣᠭᠳᠠ ᠬᠠᠨ ᠤᠤᠯ ᠤᠨ ᠳᠠᠷᠬᠠᠨ ᠴᠠᠭᠠᠵᠠᠲᠤ ᠭᠠᠵᠠᠷ ᠤᠨ ᠬᠠᠮᠠᠭᠠᠯᠠᠯᠲᠠ ᠶᠢᠨ ᠵᠠᠬᠢᠷᠭᠠᠨ ᠤ ᠣᠷᠣᠯᠴᠠᠭ᠎ᠠ ᠲᠠᠢ ᠪᠠᠷ NCD ᠭᠷᠦ᠋ᠫ ᠦᠨ ᠬᠥᠷᠥᠩᠭᠡ ᠣᠷᠣᠭᠤᠯᠤᠯᠲᠠ ᠪᠠᠷ ᠬᠡᠷᠡᠭᠵᠢᠭᠦᠯᠬᠦ ᠪᠡᠷ ᠠᠵᠢᠯᠯᠠᠵᠤ ᠪᠠᠢᠨ᠎ᠠ᠃

ᠡᠺᠤᠯᠤᠭᠢ ᠶᠢᠨ ᠭᠠᠷᠴᠠ  ᠶᠢ 2027 ᠣᠨ ᠤ  ᠬᠣᠶᠠᠳᠤᠭᠠᠷ ᠤᠯᠠᠷᠢᠯ ᠳᠤ ᠪᠠᠷᠢᠵᠤ ᠳᠠᠭᠤᠰᠬᠠᠨ᠎ᠠ᠃

ᠰᠡᠳᠬᠢᠭᠳᠡᠯ ᠦᠯᠡᠳᠡᠭᠡᠬᠦ