ᠲᠠᠮᠢᠷᠴᠢᠨ ᠽ ∙ ᠨᠢᠮᠠᠵᠤᠯᠠ ᠨᠢ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠦᠶ᠎ᠡ ᠪᠡᠷ ᠳᠡᠯᠡᠬᠡᠢ ᠶᠢᠨ ᠬᠣᠯᠪᠣᠭᠠᠨ ᠤ ᠶᠡᠷᠦᠩᠬᠡᠢᠢᠯᠡᠭ᠍ᠴᠢ ᠳᠦ ᠬᠠᠬᠤᠤᠯᠢ ᠥᠭᠬᠦ ᠶᠢ ᠣᠷᠣᠯᠳᠤᠭᠰᠠᠨ ᠬᠡᠮᠡᠨ ᠮᠣᠩᠭᠣᠯ ᠤᠨ Bodybuilding Fitness ᠤᠨ ᠬᠣᠯᠪᠣᠭ᠎ᠠ ᠲᠡᠭᠦᠨ ᠲᠡᠢ ᠪᠠᠢᠭᠤᠯᠤᠭᠰᠠᠨ ᠭᠡᠷ᠎ᠡ ᠪᠡᠨ ᠴᠤᠴᠠᠯᠠᠵᠤ ᠪᠠᠢᠭ᠎ᠠ ᠲᠠᠯ᠎ᠠ ᠪᠠᠷ ᠢᠶᠠᠨ ᠥᠩᠭᠡᠷᠡᠭᠰᠡᠨ ᠣᠨ ᠤ ᠠᠷᠪᠠᠨ ᠬᠣᠶᠠᠳᠤᠭᠠᠷ ᠰᠠᠷ᠎ᠠ ᠳᠤ ᠮᠡᠳᠡᠭᠡᠯᠡᠵᠦ ᠪᠠᠢᠭᠰᠠᠨ᠃
ᠲᠡᠭᠡᠪᠡᠯ ᠲᠤᠰ ᠲᠤᠰᠢᠶᠠᠯ ᠢ ᠬᠡᠷᠡᠭᠰᠡᠬᠦ ᠦᠭᠡᠢ ᠪᠣᠯᠭᠠᠵᠡᠢ᠃ ᠮᠣᠩᠭᠣᠯ ᠤᠨ Bodybuilding Fitness ᠤᠨ ᠬᠣᠯᠪᠣᠭ᠎ᠠ᠄
2025 ᠣᠨ ᠤ 12 ᠳ᠋ᠤᠭᠠᠷ ᠰᠠᠷ᠎ᠠ ᠶᠢᠨ 01 ᠤ ᠡᠳᠦᠷ ᠦᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪ ∙ ᠣᠳᠬᠣᠨᠴᠡᠴᠡᠭ ᠦᠨ 25/015 ᠲᠣᠭᠠᠲᠤ ᠲᠤᠰᠢᠶᠠᠯ ᠢ ᠬᠡᠷᠡᠭᠰᠡᠬᠦ ᠦᠭᠡᠢ ᠪᠣᠯᠭᠠᠵᠤ ᠤᠳᠤᠷᠢᠳᠬᠤ ᠵᠥᠪᠯᠡᠯ ᠡᠴᠡ ᠰᠢᠢᠳᠪᠦᠷᠢᠯᠡᠪᠡ᠃ ᠲᠠᠮᠢᠷᠴᠢᠨ ᠤ ᠵᠢᠷᠤᠭ ᠵᠥᠪᠰᠢᠶᠡᠷᠡᠯ ᠦᠭᠡᠢ ᠪᠡᠷ ᠬᠣᠯᠪᠣᠭᠠᠨ ᠤ ᠰᠤᠽᠢᠶᠠᠯ ᠬᠠᠭᠤᠳᠠᠰᠤ ᠳᠤ ᠲᠠᠯᠪᠢᠵᠤ᠂ ᠨᠡᠷ᠎ᠡ ᠬᠦᠨᠳᠦ ᠳᠦ ᠬᠠᠯᠳᠠᠭᠰᠠᠨ ᠳᠤ ᠵᠠᠯᠠᠷᠠᠭᠤᠯᠭ᠎ᠠ ᠬᠢᠵᠦ ᠪᠠᠢᠨ᠎ᠠ ᠭᠡᠵᠡᠢ᠃



