ᠵᠠᠮ ᠤᠨ ᠬᠥᠳᠡᠯᠭᠡᠭᠡᠨ ᠦ ᠵᠥᠷᠢᠴᠡᠯ 7.8 ᠰᠠᠶ᠎ᠠ ᠳᠤ ᠬᠦᠷᠴᠠᠢ | News.MN

ᠵᠠᠮ ᠤᠨ ᠬᠥᠳᠡᠯᠭᠡᠭᠡᠨ ᠦ ᠵᠥᠷᠢᠴᠡᠯ 7.8 ᠰᠠᠶ᠎ᠠ ᠳᠤ ᠬᠦᠷᠴᠠᠢ

ᠮᠠᠨ ᠤ ᠤᠯᠤᠰ ᠲᠤ  ᠠᠷᠪᠠᠳᠤᠭᠠᠷ ᠰᠠᠷ᠎ᠠ ᠶᠢᠨ 30 ᠤ ᠡᠳᠦᠷ ᠦᠨ ᠪᠠᠢᠳᠠᠯ ᠢᠶᠠᠷ 《ᠵᠠᠮ ᠤᠨ ᠬᠥᠳᠡᠯᠭᠡᠭᠡᠨ ᠦ ᠠᠶᠤᠯᠭᠦᠢ ᠪᠠᠢᠳᠠᠯ ᠤᠨ ᠲᠤᠬᠠᠢ》 ᠬᠠᠤᠯᠢ ᠵᠥᠷᠢᠴᠡᠭᠰᠡᠨ ᠨᠡᠢᠲᠡ 7861373 ᠵᠥᠷᠢᠴᠡᠯ ᠪᠦᠷᠢᠳᠬᠡᠭᠳᠡᠵᠡᠢ᠃

ᠬᠠᠮᠤᠭ ᠤᠨ ᠶᠡᠬᠡ ᠪᠤᠶᠤ 2.5 ᠰᠠᠶ᠎ᠠ ᠵᠥᠷᠢᠴᠡᠯ ᠨᠢ ᠠᠢᠮᠠᠭ᠂ ᠨᠡᠢᠰᠯᠡᠯ ᠦᠨ ᠵᠠᠰᠠᠭ ᠳᠠᠷᠤᠭ᠎ᠠ ᠠᠴᠠ ᠲᠣᠭᠲᠠᠭᠠᠭᠰᠠᠨ ᠲᠡᠭᠡᠭᠡᠪᠦᠷᠢ ᠶᠢᠨ ᠬᠡᠷᠡᠭᠰᠡᠯ ᠦᠨ ᠬᠥᠳᠡᠯᠭᠡᠭᠡᠨ ᠦ ᠬᠢᠵᠠᠭᠠᠷᠯᠠᠯᠲᠠ ᠶᠢ ᠵᠥᠷᠢᠴᠡᠭᠰᠡᠨ ᠲᠣᠬᠢᠶᠠᠯᠳᠤᠯ ᠪᠠᠢᠪᠠ᠃ ᠡᠨᠡ ᠨᠢ ᠨᠡᠢᠲᠡ ᠵᠥᠷᠢᠴᠡᠯ ᠦᠨ 32 ᠬᠤᠪᠢ ᠶᠢ ᠡᠵᠡᠯᠡᠵᠦ ᠪᠠᠢᠨ᠎ᠠ᠃ ᠬᠠᠷᠢᠨ 1.5 ᠰᠠᠶ᠎ᠠ ᠭᠠᠷᠤᠢ ᠪᠤᠶᠤ 19.1 ᠬᠤᠪᠢ ᠨᠢ ᠲᠡᠭᠡᠭᠡᠪᠦᠷᠢ ᠶᠢᠨ ᠬᠡᠷᠡᠭᠰᠡᠯ ᠢ ᠵᠠᠮ ᠤᠨ ᠬᠥᠳᠡᠯᠭᠡᠭᠡᠨ ᠦ ᠳᠦᠷᠢᠮ ᠳᠦ ᠵᠢᠭᠠᠭᠰᠠᠨ ᠵᠢᠷᠤᠮ ᠤᠨ ᠳᠠᠭᠠᠤ ᠪᠠᠢᠷᠢᠯᠠᠨ ᠶᠠᠪᠤᠭᠤᠯᠤᠭ᠎ᠠ ᠦᠭᠡᠢ᠂ 1 ᠰᠠᠶ᠎ᠠ ᠭᠠᠷᠤᠢ ᠪᠤᠶᠤ 13.6 ᠬᠤᠪᠢ ᠨᠢ ᠬᠥᠳᠡᠯᠭᠡᠭᠡᠨ ᠡᠬᠢᠯᠡᠬᠦ᠂ ᠴᠢᠭ ᠥᠭᠡᠷᠡᠴᠢᠯᠡᠬᠦ᠂ ᠡᠩᠨᠡᠭᠡ ᠪᠠᠢᠷᠢ ᠡᠵᠡᠯᠡᠬᠦ ᠵᠢᠷᠤᠮ ᠵᠥᠷᠢᠴᠡᠭᠰᠡᠨ ᠵᠥᠷᠢᠴᠡᠯ ᠪᠠᠢᠪᠠ᠃

ᠲᠡᠭᠦᠨᠴᠢᠯᠡᠨ ᠬᠠᠮᠠᠭᠠᠯᠠᠬᠤ ᠪᠥᠰᠡ ᠬᠡᠷᠡᠭᠯᠡᠭᠡ ᠦᠭᠡᠢ 478 ᠮᠢᠩᠭᠠᠨ ᠭᠠᠷᠤᠢ᠂ ᠪᠦᠷᠢᠨ ᠪᠤᠰᠤ ᠲᠡᠭᠡᠭᠡᠪᠦᠷᠢ ᠶᠢᠨ ᠬᠡᠷᠡᠭᠰᠡᠯ ᠵᠢᠯᠤᠭᠤᠳᠴᠤ ᠬᠥᠳᠡᠯᠭᠡᠭᠡᠨ ᠳᠦ ᠣᠷᠣᠯᠴᠠᠭᠰᠠᠨ 362 ᠮᠢᠩᠭ᠎ᠠ ᠣᠷᠴᠢᠮ᠂ ᠶᠠᠪᠠᠭᠠᠨ ᠬᠦᠮᠦᠨ ᠦ ᠭᠠᠷᠴᠠ ᠪᠣᠯᠤᠨ ᠵᠥᠪᠰᠢᠶᠡᠷᠡᠭᠳᠡᠭᠡ ᠦᠭᠡᠢ ᠶᠠᠪᠠᠭᠠᠨ ᠬᠦᠮᠦᠨ ᠦ ᠵᠠᠮ ᠳᠡᠭᠡᠷ᠎ᠡ ᠲᠡᠭᠡᠭᠡᠪᠦᠷᠢ ᠶᠢᠨ ᠬᠡᠷᠡᠭᠰᠡᠯ ᠢᠶᠡᠨ ᠪᠠᠢᠷᠢᠯᠠᠭᠤᠯᠵᠤ᠂ ᠵᠣᠷᠴᠢᠭᠴᠢᠳ ᠲᠤ ᠰᠠᠭᠠᠳ ᠤᠴᠠᠷᠠᠭᠤᠯᠤᠭᠰᠠᠨ 355 ᠮᠢᠩᠭ᠎ᠠ ᠭᠠᠷᠤᠢ ᠵᠥᠷᠢᠴᠡᠯ ᠪᠦᠷᠢᠳᠬᠡᠭᠳᠡᠵᠡᠢ᠃

ᠰᠡᠳᠬᠢᠭᠳᠡᠯ ᠦᠯᠡᠳᠡᠭᠡᠬᠦ