413 ᠮᠢᠩᠭᠠᠨ ᠠᠬᠠᠮᠠᠳ ᠤᠨ ᠳᠠᠩᠰᠠᠨ ᠳᠤ ᠰᠠᠭᠤᠷᠢ ᠲᠡᠳᠬᠦᠪᠦᠷᠢ ᠰᠢᠯᠵᠢᠭᠦᠯᠵᠦ ᠡᠬᠢᠯᠡᠯ᠎ᠡ | News.MN

413 ᠮᠢᠩᠭᠠᠨ ᠠᠬᠠᠮᠠᠳ ᠤᠨ ᠳᠠᠩᠰᠠᠨ ᠳᠤ ᠰᠠᠭᠤᠷᠢ ᠲᠡᠳᠬᠦᠪᠦᠷᠢ ᠰᠢᠯᠵᠢᠭᠦᠯᠵᠦ ᠡᠬᠢᠯᠡᠯ᠎ᠡ

ᠠᠷᠪᠠᠨ ᠨᠢᠭᠡᠳᠦᠭᠡᠷ ᠰᠠᠷ᠎ᠠ ᠶᠢᠨ ᠨᠢᠭᠡᠨ ᠡᠴᠡ 413 ᠮᠢᠩᠭᠠᠨ ᠠᠬᠠᠮᠠᠳ ᠤᠨ ᠳᠠᠩᠰᠠᠨ ᠳᠤ ᠰᠠᠭᠤᠷᠢ ᠲᠡᠳᠬᠦᠪᠦᠷᠢ ᠰᠢᠯᠵᠢᠭᠦᠯᠵᠦ ᠡᠬᠢᠯᠡᠯ᠎ᠡ᠃ ᠰᠠᠭᠤᠷᠢ ᠲᠡᠳᠬᠦᠪᠦᠷᠢ ᠶᠢ ᠤᠯᠤᠰ ᠤᠨ ᠲᠥᠰᠥᠪ ᠡᠴᠡ ᠰᠠᠩᠬᠦᠦᠵᠢᠭᠦᠯᠬᠦ ᠪᠥᠭᠡᠳ ᠠᠬᠠᠮᠠᠳ ᠤᠳ ᠤᠨ ᠣᠳᠣ ᠠᠪᠴᠤ ᠪᠤᠢ ᠲᠡᠳᠬᠦᠪᠦᠷᠢ ᠳᠡᠭᠡᠷ᠎ᠡ ᠨᠡᠮᠡᠵᠦ ᠰᠠᠷ᠎ᠠ ᠪᠦᠷᠢ ᠣᠯᠭᠣᠬᠤ ᠶᠤᠮ᠃

ᠰᠠᠭᠤᠷᠢ ᠲᠡᠳᠬᠦᠪᠦᠷᠢ ᠶᠢᠨ ᠬᠡᠮᠵᠢᠶ᠎ᠡ 100-300 ᠮᠢᠩᠭᠠᠨ ᠲᠥᠭᠥᠷᠢᠭ ᠪᠠᠢᠨ᠎ᠠ᠃ ᠡᠭᠦᠨ ᠳᠦ ᠨᠡᠢᠭᠡᠮ ᠤᠨ ᠳᠠᠭᠠᠳᠬᠠᠯ ᠤᠨ ᠰᠠᠩ ᠠᠴᠠ ᠪᠣᠯᠤᠨ ᠴᠡᠷᠢᠭ ᠦᠨ ᠲᠡᠳᠬᠦᠪᠦᠷᠢ ᠠᠪᠴᠤ ᠪᠤᠢ᠂ ᠡᠮᠡᠭᠲᠡᠢ 55᠂ ᠡᠷᠡᠭᠲᠡᠢ 60 ᠨᠠᠰᠤ ᠬᠦᠷᠦᠭᠰᠡᠨ ᠠᠬᠠᠮᠠᠳ ᠤᠳ ᠬᠠᠮᠤᠷᠤᠭᠳᠠᠨ᠎ᠠ᠃ ᠰᠠᠭᠤᠷᠢ ᠲᠡᠳᠬᠦᠪᠦᠷᠢ ᠠᠪᠬᠤ ᠶᠢᠨ ᠲᠤᠯᠠᠳᠠ ᠠᠬᠠᠮᠠᠳ ᠤᠳ ᠬᠦᠰᠡᠯᠲᠡ ᠭᠠᠷᠭᠠᠬᠤ᠂ ᠨᠡᠮᠡᠯᠲᠡ ᠪᠢᠴᠢᠭ ᠪᠠᠷᠢᠮᠲᠠ ᠪᠦᠷᠢᠳᠦᠭᠦᠯᠬᠦ ᠱᠠᠭᠠᠷᠳᠠᠯᠭ᠎ᠠ ᠦᠭᠡᠢ᠃

ᠰᠡᠳᠬᠢᠭᠳᠡᠯ ᠦᠯᠡᠳᠡᠭᠡᠬᠦ