ᠬᠠᠰᠠᠭᠰᠲ᠋ᠠᠨ ᠳᠤ ᠪᠣᠯᠵᠤ ᠪᠤᠢ ᠴᠢᠯᠦᠭᠡᠲᠦ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠷᠡᠭᠲᠡᠢᠴᠦᠳ ᠦᠨ 70 ᠺᠢᠯᠦᠭ᠍ᠷᠡᠮ ᠤᠨ ᠵᠢᠩ ᠳᠦ ᠲᠡᠮᠦᠷᠸᠴᠢᠷ ᠤᠨ ᠲᠤᠯᠭ᠎ᠠ ᠬᠦᠷᠡᠯ ᠮᠧᠳᠠᠯ ᠬᠦᠷᠲᠡᠯ᠎ᠡ᠃
ᠲᠡᠷᠡᠪᠡᠷ ᠬᠦᠷᠡᠯ ᠮᠧᠳᠠᠯ ᠤᠨ ᠲᠥᠯᠦᠭᠡᠬᠢ ᠪᠠᠷᠢᠯᠳᠤᠭᠠᠨ ᠳᠤ ᠮᠤᠯᠳᠤᠪ ᠤᠨ ᠪᠥᠬᠡ ᠸᠠᠰᠡᠯᠧ ᠳ᠋ᠢᠶᠠᠺᠣᠨ ᠢ 9᠄0 ᠢᠶᠡᠷ ᠢᠯᠠᠵᠤ᠂ ᠴᠡᠪᠡᠷ ᠢᠯᠠᠯᠲᠠ ᠪᠠᠢᠭᠤᠯᠵᠤ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠭᠤᠷᠪᠠᠳᠠᠬᠢ ᠮᠧᠳᠠᠯ ᠢᠶᠠᠨ ᠬᠦᠷᠲᠡᠯ᠎ᠡ᠃
ᠮᠥᠨ ᠲ ∙ ᠲᠤᠯᠭ᠎ᠠ ᠳᠡᠯᠡᠬᠡᠢ ᠶᠢᠨ ᠠᠪᠤᠷᠭᠤ ᠠᠴᠠ ᠭᠤᠷᠪᠠᠨ ᠮᠧᠳᠠᠯ ᠬᠦᠷᠲᠡᠭᠰᠡᠨ ᠮᠣᠩᠭᠣᠯ ᠤᠨ ᠭᠤᠷᠪᠠᠳᠠᠬᠢ ᠡᠷᠡᠭᠲᠡᠢ ᠪᠥᠬᠡ ᠪᠣᠯᠵᠠᠢ᠃ ᠲᠡᠭᠦᠨ ᠡᠴᠡ ᠡᠮᠦᠨ᠎ᠡ ᠬᠣᠷᠯᠣ ᠶᠢᠨ ᠪᠠᠶᠠᠨᠮᠦ᠋ᠩᠬᠡ᠂ ᠰᠧᠪᠡᠭ ᠦᠨ ᠣᠢᠳᠣᠪ ᠡᠢᠮᠦ ᠠᠮᠵᠢᠯᠲᠠ ᠭᠠᠷᠭᠠᠵᠤ ᠪᠠᠢᠭᠰᠠᠨ ᠶᠤᠮ᠃ ᠲᠡᠭᠦᠨᠴᠢᠯᠡᠨ ᠲᠡᠭᠦᠨ ᠦ ᠬᠦᠷᠲᠡᠭ᠍ᠰᠡᠨ ᠮᠧᠳᠠᠯ ᠨᠢ ᠮᠣᠩᠭᠣᠯ ᠤᠨ ᠴᠢᠯᠦᠭᠡᠲᠦ ᠪᠥᠬᠡ ᠶᠢᠨ ᠲᠠᠮᠢᠷᠴᠢᠳ ᠤᠨ ᠳᠡᠯᠡᠬᠡᠢ ᠶᠢᠨ ᠠᠪᠤᠷᠭᠤ ᠠᠴᠠ ᠬᠦᠷᠲᠡᠭᠰᠡᠨ ᠲᠠᠪᠢᠳᠤᠭᠠᠷ ᠬᠦᠷᠡᠯ ᠮᠧᠳᠠᠯ ᠪᠣᠯᠵᠤ ᠪᠠᠢᠨ᠎ᠠ᠃



