10 ᠳ᠋ᠤᠭᠠᠷ ᠰᠠᠷ᠎ᠠ ᠶᠢᠨ 29 ᠦ 18᠄00 ᠴᠠᠭ ᠤᠨ ᠣᠷᠴᠢᠮ ᠳᠤ ᠴᠢᠯᠠᠭᠤᠯᠢᠭ ᠤᠨ ᠬᠠᠭᠠᠷᠠᠯ ᠤᠨ ᠪᠥᠰᠡ ᠶᠢᠨ ᠳᠠᠭᠠᠤ ᠭᠠᠵᠠᠷ ᠬᠥᠳᠡᠯᠦᠯᠲᠡ ᠶᠢᠨ ᠰᠢᠨᠵᠢ ᠲᠡᠢ ᠦᠵᠡᠭᠳᠡᠯ ᠪᠣᠯᠵᠤ᠂ ᠡᠭᠦᠨ ᠦ ᠤᠯᠠᠮ ᠠᠴᠠ ᠭᠦᠨ ᠦ ᠠᠭᠤᠷᠬᠠᠢ ᠳᠤ ᠴᠡᠴᠡᠷᠬᠢᠯᠡᠯ ᠪᠦᠷᠢᠳᠬᠡᠭᠳᠡᠭᠰᠡᠨ ᠲᠠᠯ᠎ᠠ ᠪᠠᠷ ᠤᠭ᠍ᠶᠤᠲᠤᠯᠤᠭᠠᠢ ᠺᠣᠮᠫᠠᠨᠢ ᠮᠡᠳᠡᠭᠡᠯᠡᠯ᠎ᠡ᠃
ᠮᠡᠳᠡᠭᠳᠡᠯ ᠳᠦ ᠠᠭᠤᠷᠬᠠᠢ ᠶᠢᠨ ᠣᠰᠣᠯ ᠤᠨ ᠤᠳᠤᠷᠢᠳᠤᠯᠭ᠎ᠠ ᠪᠣᠯᠤᠨ ᠠᠪᠤᠷᠠᠬᠤ ᠪᠠᠭ ᠰᠢᠭᠤᠷᠬᠠᠢ ᠠᠷᠭ᠎ᠠ ᠬᠡᠮᠵᠢᠶ᠎ᠡ ᠠᠪᠴᠤ᠂ ᠲᠤᠬᠠᠢ ᠶᠢᠨ ᠦᠶ᠎ᠡ ᠳᠦ ᠭᠦᠨ ᠦ ᠠᠭᠤᠷᠬᠠᠢ ᠳᠤ ᠠᠵᠢᠯᠯᠠᠵᠤ ᠪᠠᠢᠭᠰᠠᠨ ᠪᠦᠬᠦ ᠠᠵᠢᠯᠲᠠᠨ ᠢ ᠪᠦᠷᠢᠳᠬᠡᠨ᠂ ᠡᠷᠡᠭᠦᠯ ᠮᠡᠨᠳᠦ ᠶᠢᠨ ᠪᠠᠢᠳᠠᠯ ᠢ ᠨᠢ ᠰᠢᠯᠭᠠᠭᠰᠠᠨ᠃ ᠬᠦᠮᠦᠨ ᠦ ᠠᠮᠢ ᠨᠠᠰᠤ ᠡᠷᠡᠰᠳᠡᠭᠡ ᠦᠭᠡᠢ ᠪᠥᠭᠡᠳ ᠴᠡᠴᠡᠷᠬᠢᠯᠡᠯ ᠡᠴᠡ ᠡᠭᠦᠳᠦᠭᠰᠡᠨ ᠴᠢᠯᠠᠭᠤᠯᠢᠭ ᠤᠨ ᠨᠤᠷᠠᠯᠲᠠ ᠳᠤ 15 ᠠᠵᠢᠯᠲᠠᠨ ᠥᠷᠲᠥᠵᠦ᠂ ᠪᠡᠷᠲᠡᠯ ᠠᠪᠤᠭᠰᠠᠨ᠃ ᠲᠡᠳᠡᠨ ᠳᠦ ᠡᠮᠨᠡᠯᠭᠡ ᠶᠢᠨ ᠲᠤᠰᠠᠯᠠᠮᠵᠢ ᠦᠵᠡᠭᠦᠯᠵᠦ᠂ ᠣᠨᠣᠰᠢᠯᠠᠭ᠎ᠠ ᠬᠢᠵᠦ ᠪᠠᠢᠭ᠎ᠠ ᠭᠡᠵᠡᠢ᠃



