ᠭ ∙ ᠣᠳᠬᠣᠨᠲᠤᠶᠠᠭ᠎ᠠ᠄ ᠪᠢ ᠵᠥᠪᠬᠡᠨ ᠲᠠᠯᠢᠢᠭᠠᠴᠢ ᠥᠬᠢᠨ ᠤ ᠪᠠᠨ ᠲᠥᠯᠥᠭᠡ ᠪᠢᠰᠢ | News.MN

ᠭ ∙ ᠣᠳᠬᠣᠨᠲᠤᠶᠠᠭ᠎ᠠ᠄ ᠪᠢ ᠵᠥᠪᠬᠡᠨ ᠲᠠᠯᠢᠢᠭᠠᠴᠢ ᠥᠬᠢᠨ ᠤ ᠪᠠᠨ ᠲᠥᠯᠥᠭᠡ ᠪᠢᠰᠢ

32 ᠨᠠᠰᠤᠲᠠᠢ ᠡᠮᠡᠭᠲᠡᠢ ᠪᠣᠯᠤᠨ 16 ᠨᠠᠰᠤᠲᠠᠢ ᠥᠬᠢᠨ ᠢ ᠬᠥᠨᠥᠭᠡᠭᠰᠡᠨ ᠬᠡᠮᠡᠨ ᠠᠩᠬᠠᠨ ᠱᠠᠲᠤᠨ ᠤ ᠰᠢᠭᠦᠬᠦ ᠡᠴᠡ ᠼ ∙ ᠳᠠᠭᠪᠠᠳᠣᠷᠵᠢ ᠳᠤ ᠪᠦᠬᠦ ᠨᠠᠰᠤ ᠪᠠᠷ ᠨᠢ ᠬᠤᠷᠢᠬᠤ ᠶᠠᠯ᠎ᠠ ᠣᠨᠣᠭᠠᠵᠤ᠂ ᠡ᠊ ∙ ᠭᠠᠩᠡᠷᠳᠡᠨᠢ᠂ ᠡ᠊ ∙ ᠨᠤᠮᠢᠡᠡᠷᠳᠡᠨᠢ᠂ ᠬ ∙ ᠡᠩᠬᠡᠰᠠᠢᠬᠠᠨ ᠨᠠᠷ ᠢ ᠴᠠᠭᠠᠳᠬᠠᠭᠰᠠᠨ ᠶᠤᠮ᠃ ᠬᠠᠷᠢᠨ ᠤᠯᠤᠰ ᠤᠨ ᠳᠡᠭᠡᠳᠦ ᠰᠢᠭᠦᠬᠦ ᠶᠢᠨ ᠰᠢᠢᠳᠪᠦᠷᠢ ᠪᠡᠷ ᠼ ∙ ᠳᠠᠭᠪᠠᠳᠣᠷᠵᠢ ᠳᠤ ᠣᠨᠣᠭᠠᠭᠰᠠᠨ ᠪᠦᠬᠦ ᠨᠠᠰᠤ ᠪᠠᠷ ᠨᠢ ᠬᠤᠷᠢᠬᠤ ᠶᠠᠯ᠎ᠠ ᠪᠣᠯᠤᠨ ᠡ᠊ ∙ ᠡ᠊ ∙ ᠭᠠᠩᠡᠷᠳᠡᠨᠢ ᠶᠢ ᠴᠠᠭᠠᠳᠬᠠᠭᠰᠠᠨ ᠢ ᠬᠡᠪ ᠢᠶᠡᠷ ᠦᠯᠡᠳᠡᠭᠡᠵᠦ᠂ ᠡ᠊ ∙ ᠨᠤᠮᠢᠡᠡᠷᠳᠡᠨᠢ᠂ ᠬ ∙ ᠡᠩᠬᠡᠰᠠᠢᠬᠠᠨ  ᠢ ᠴᠠᠭᠠᠳᠬᠠᠭᠰᠠᠨ ᠢ ᠬᠦᠴᠦᠨ  ᠦᠭᠡᠢ ᠪᠣᠯᠭᠠᠯ᠎ᠠ᠃

16 ᠨᠠᠰᠤᠲᠠᠢ ᠬᠣᠬᠢᠷᠠᠭᠴᠢ ᠶᠢᠨ ᠡᠵᠢ ᠭ ∙ ᠣᠳᠬᠣᠨᠲᠤᠶᠠᠭ᠎ᠠ ᠥᠨᠥᠳᠥᠷ ᠤᠯᠤᠰ ᠤᠨ ᠳᠡᠭᠡᠳᠦ ᠰᠢᠭᠦᠬᠦ ᠶᠢᠨ ᠰᠢᠢᠳᠪᠦᠷᠢ ᠶᠢᠨ ᠳᠠᠷᠠᠭᠠᠬᠢ  ᠮᠡᠳᠡᠭ᠍ᠳᠡᠯ ᠳᠦ ᠪᠡᠨ᠄ ᠬᠡᠷᠡᠭ ᠢ ᠳᠠᠬᠢᠨ ᠬᠡᠯᠡᠯᠴᠡᠬᠦ ᠪᠡᠷ ᠪᠣᠯᠤᠯ᠎ᠠ᠃ ᠤᠯᠤᠰ ᠤᠨ ᠳᠡᠭᠡᠳᠦ ᠰᠢᠭᠦᠬᠦ ᠮᠠᠨᠢ ᠵᠥᠪ ᠰᠢᠢᠳᠪᠦᠷᠢ ᠭᠠᠷᠭᠠᠯ᠎ᠠ᠃ ᠭᠡᠬᠦ ᠳᠦ ᠪᠡᠨ ᠡᠨᠡ ᠬᠡᠷᠡᠭ ᠢ ᠳᠠᠬᠢᠨ ᠬᠡᠯᠡᠯᠴᠡᠨ᠎ᠡ᠃ ᠭᠡᠮ ᠪᠤᠷᠤᠭᠤ ᠲᠠᠢ ᠬᠦᠮᠦᠰ ᠭᠡᠮ ᠪᠤᠷᠤᠭᠤ ᠶᠢ ᠪᠠᠨ ᠬᠦᠯᠢᠶᠡᠨ᠎ᠡ᠃ ᠥᠨᠥᠳᠥᠷ ᠪᠢ ᠵᠥᠪᠬᠡᠨ ᠥᠬᠢᠨ ᠤ ᠪᠠᠨ ᠲᠥᠯᠥᠭᠡ ᠪᠢᠰᠢ ᠬᠡᠦᠬᠡᠳ ᠦᠨ ᠢᠵᠠᠭᠤᠷ ᠡᠷᠬᠡ ᠠᠰᠢᠭ ᠤᠨ ᠲᠥᠯᠥᠭᠡ᠂ ᠬᠡᠦᠬᠡᠳ ᠬᠥᠮᠥᠨ ᠳᠦ ᠬᠠᠢᠷᠠᠯᠠᠭᠳᠠᠵᠤ᠂ ᠬᠠᠮᠠᠭᠠᠯᠠᠭᠳᠠᠬᠤ ᠶᠣᠰᠣᠲᠠᠢ᠂ ᠰᠢᠳᠤᠷᠭᠤ ᠶᠣᠰᠣ ᠭᠡᠵᠦ ᠪᠠᠢᠬᠤ ᠶᠣᠰᠣᠲᠠᠢ ᠭᠡᠰᠡᠨ ᠡᠭᠦᠳᠡᠨ ᠡᠴᠡ ᠬᠠᠨᠳᠤᠵᠤ ᠪᠠᠢᠨ᠎ᠠ᠃ ᠮᠥᠨ ᠤᠭ ᠬᠡᠷᠡᠭ ᠲᠦ ᠡᠬᠢᠨ ᠡᠴᠡ ᠨᠢ ᠥᠨᠥ ᠶᠢ ᠬᠦᠷᠲᠡᠯ᠎ᠡ᠂ ᠴᠠᠭᠠᠰᠤᠨ ᠳᠡᠭᠡᠷ᠎ᠡ ᠡᠬᠢᠯᠡᠯ ᠡᠴᠡ ᠨᠢ ᠭᠠᠷ ᠪᠡᠶ᠎ᠡ ᠣᠷᠣᠯᠴᠠᠭᠰᠠᠨ᠂ ᠣᠷᠣᠯᠴᠠᠵᠤ ᠪᠤᠢ ᠥᠮᠥᠭᠡᠯᠡᠭᠴᠢ ᠨᠠᠷ ᠲᠤ ᠪᠠᠨ ᠪᠠᠶᠠᠷᠯᠠᠯ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ