ᠣᠪᠰᠣ ᠠᠢᠮᠠᠭ ᠲᠤ ᠠᠯᠠᠭ᠎ᠠ ᠪᠣᠯᠤᠭᠰᠠᠨ ᠡᠮᠡᠭᠲᠡᠢ ᠶᠢ ᠡᠷᠢᠨ ᠬᠠᠢᠬᠤ ᠠᠵᠢᠯᠯᠠᠭ᠎ᠠ ᠶᠢ ᠵᠣᠭᠰᠣᠭᠠᠯ᠎ᠠ | News.MN

ᠣᠪᠰᠣ ᠠᠢᠮᠠᠭ ᠲᠤ ᠠᠯᠠᠭ᠎ᠠ ᠪᠣᠯᠤᠭᠰᠠᠨ ᠡᠮᠡᠭᠲᠡᠢ ᠶᠢ ᠡᠷᠢᠨ ᠬᠠᠢᠬᠤ ᠠᠵᠢᠯᠯᠠᠭ᠎ᠠ ᠶᠢ ᠵᠣᠭᠰᠣᠭᠠᠯ᠎ᠠ

ᠣᠪᠰᠣ ᠠᠢᠮᠠᠭ ᠤᠨ ᠲᠠᠷᠢᠶᠠᠯᠠᠩ ᠰᠤᠮᠤ ᠶᠢᠨ ᠪᠤᠷᠭᠠᠰᠤᠲᠠᠢ ᠪᠠᠭ ᠤᠨ ᠮᠠᠯᠴᠢᠨ《ᠠ》 ᠨᠢ ᠡᠨᠡ ᠰᠠᠷ᠎ᠠ ᠶᠢᠨ 15 ᠤ 07᠄00 ᠴᠠᠭ ᠤᠨ ᠣᠷᠴᠢᠮ ᠳᠤ ᠮᠠᠯ ᠢᠶᠠᠨ ᠬᠠᠢᠵᠤ ᠶᠠᠪᠤᠭᠠᠳ ᠰᠤᠷᠠᠭ ᠦᠭᠡᠢ ᠪᠣᠯᠤᠭᠰᠠᠨ ᠪᠠᠢᠳᠠᠭ᠃

ᠲᠤᠰ ᠠᠢᠮᠠᠭ ᠤᠨ ᠣᠨᠴᠠᠭᠠᠢ ᠪᠠᠢᠳᠠᠯ ᠤᠨ ᠭᠠᠵᠠᠷ᠂ ᠴᠠᠭᠳᠠᠭ᠎ᠠ ᠶᠢᠨ ᠪᠠᠢᠭᠤᠯᠤᠯᠭ᠎ᠠ᠂ ᠰᠤᠮᠤ ᠶᠢᠨ ᠮᠡᠷᠭᠡᠵᠢᠯ ᠦᠨ ᠠᠩᠭᠢ᠂ ᠣᠷᠣᠨ ᠨᠤᠲᠤᠭ ᠤᠨ ᠢᠷᠭᠡᠳ᠂ ᠠᠷᠤ ᠭᠡᠷ ᠦᠨ ᠬᠢᠨ ᠲᠡᠭᠦᠨ ᠢ ᠡᠷᠢᠨ ᠬᠠᠢᠬᠤ ᠠᠵᠢᠯᠯᠠᠭ᠎ᠠ ᠶᠢ 16 ᠬᠣᠨᠣᠭ ᠤᠨ ᠲᠤᠷᠰᠢ ᠵᠣᠬᠢᠶᠠᠨ  ᠪᠠᠢᠭᠤᠯᠤᠭᠠᠳ  ᠦᠷ᠎ᠡ ᠳ᠋ᠦᠩ ᠭᠠᠷᠤᠭ᠎ᠠ ᠦᠭᠡᠢ ᠥᠨᠥᠳᠥᠷ ᠡᠮᠡᠭᠲᠡᠢ ᠶᠢᠨ ᠠᠷᠤ ᠭᠡᠷ ᠦᠨ ᠬᠢᠨ ᠦ ᠬᠦᠰᠡᠯᠲᠡ ᠪᠡᠷ ᠡᠷᠢᠨ ᠬᠠᠢᠬᠤ ᠠᠵᠢᠯᠯᠠᠭ᠎ᠠ ᠶᠢ ᠵᠣᠭᠰᠣᠭᠠᠭᠰᠠᠨ ᠪᠠᠢᠨ᠎ᠠ᠃

ᠰᠡᠳᠬᠢᠭᠳᠡᠯ ᠦᠯᠡᠳᠡᠭᠡᠬᠦ