ᠷᠣᠮᠠ ᠶᠢᠨ ᠫᠠᠫ ᠠᠷᠪᠠᠨ ᠳᠥᠷᠪᠡᠳᠦᠭᠡᠷ ᠯᠧᠤ᠋ ᠮᠣᠩᠭᠣᠯ ᠤᠨ ᠪᠤᠷᠬᠠᠨ ᠱᠠᠰᠢᠨᠲᠠᠨ ᠤ ᠲᠥᠪ- ᠭᠠᠨᠳᠠᠨᠳᠡᠭ᠍ᠴᠢᠯᠡᠨ ᠬᠡᠢᠢᠳ ᠦᠨ ᠲᠡᠷᠢᠭᠦᠨ ᠬᠠᠮᠪᠤ ᠯᠠᠮᠠ᠂ ᠭᠤᠴᠢᠳᠤᠭᠠᠷ ᠬᠠᠮᠪᠤ ᠨᠣᠮᠤᠨ ᠬᠠᠨ᠂ ᡀᠠᠷᠠᠮᠪᠠ D ∙ ᠵᠢᠪᠽᠤᠨᠳᠤᠷᠵᠢ ᠯᠠᠮᠠᠲᠠᠨ ᠢ 10 ᠰᠠᠷ᠎ᠠ ᠶᠢᠨ 26 ᠳᠦ ᠬᠦᠯᠢᠶᠡᠨ ᠠᠪᠴᠤ ᠠᠭᠤᠯᠵᠠᠯ᠎ᠠ᠃
D ∙ ᠵᠢᠪᠽᠤᠨᠳᠤᠷᠵᠢ᠄ ᠡᠷᠬᠢᠮ ᠫᠠᠫ ᠲᠠᠨ ᠳᠤ ᠮᠣᠩᠭᠣᠯ ᠤᠨ ᠪᠤᠷᠬᠠᠨ ᠤ ᠱᠠᠰᠢᠨᠲᠠᠨ ᠤ ᠨᠡᠢᠲᠡ ᠣᠯᠠᠨ ᠤ ᠨᠡᠷ᠎ᠡ ᠶᠢᠨ ᠡᠮᠦᠨ᠎ᠡ ᠡᠴᠡ ᠴᠢᠩ ᠰᠡᠳᠬᠢᠯ ᠦᠨ ᠬᠠᠯᠠᠭᠤᠨ ᠮᠡᠨᠳᠦᠴᠢᠯᠡᠭᠡ ᠳᠡᠪᠰᠢᠭᠦᠯᠵᠦ᠂ ᠡᠷᠡᠭᠦᠯ ᠡᠩᠬᠡ᠂ ᠰᠠᠢᠨ ᠰᠠᠢᠬᠠᠨ ᠤ ᠢᠷᠦᠭᠡᠯ ᠡᠷᠭᠦᠶ᠎ᠡ᠃ ᠮᠥᠨ ᠮᠣᠩᠭᠣᠯ ᠤᠨ ᠪᠤᠷᠬᠠᠨ ᠤ ᠱᠠᠰᠢᠨ ᠤ ᠲᠡᠷᠢᠭᠦᠨ᠂ ᠠᠷᠪᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠮᠡᠨᠳᠦᠴᠢᠯᠡᠭᠡ ᠶᠢ ᠤᠯᠠᠮᠵᠢᠯᠠᠶ᠎ᠠ᠃
ᠪᠢᠳᠡ ᠥᠭᠡᠷ᠎ᠡ ᠥᠭᠡᠷ᠎ᠡ ᠱᠠᠰᠢᠨ᠂ ᠰᠤᠶᠤᠯ᠂ ᠤᠯᠠᠮᠵᠢᠯᠠᠯ ᠲᠠᠢ ᠬᠡᠳᠦᠢ ᠴᠤ ᠳᠡᠯᠡᠬᠡᠢ ᠳᠦ ᠬᠠᠷᠢᠯᠴᠠᠨ ᠣᠢᠯᠠᠭᠠᠯᠴᠠᠯ᠂ ᠶᠠᠷᠢᠶ᠎ᠠ ᠬᠡᠯᠡᠯᠴᠡᠭᠡ᠂ ᠬᠦᠨᠳᠦᠳᠬᠡᠯ ᠢ ᠡᠷᠬᠢᠮᠯᠡᠨ᠂ ᠡᠩᠬᠡ ᠠᠮᠤᠭᠤᠯᠠᠩ ᠢ ᠪᠦᠲᠦᠭᠡᠬᠦ ᠨᠡᠢᠲᠡᠯᠢᠭ ᠵᠣᠷᠢᠯᠭ᠎ᠠ ᠲᠠᠢ ᠭᠡᠳᠡᠭ ᠲᠦ ᠭᠦᠨ᠎ᠡ ᠢᠲᠡᠭᠡᠳᠡᠭ᠃
ᠲᠠᠨ ᠤ ᠪᠡᠶ᠎ᠡ ᠢᠯᠠᠷᠢᠰᠢᠨ᠂ ᠱᠠᠰᠢᠨ ᠤ ᠡᠷᠬᠢᠮ ᠦᠢᠯᠡ ᠬᠡᠷᠡᠭ ᠢᠶᠡᠨ ᠦᠷᠭᠦᠯᠵᠢᠯᠡᠭᠦᠯᠦᠨ ᠡᠷᠬᠢᠯᠡᠵᠦ ᠪᠤᠢ ᠶᠢ ᠬᠠᠷᠠᠬᠤ ᠳᠤ ᠪᠢᠳᠡ ᠲᠤᠢᠯ ᠤᠨ ᠶᠡᠬᠡ ᠪᠠᠶᠠᠷ ᠲᠠᠢ ᠪᠠᠢᠨ᠎ᠠ᠃ ᠲᠠᠨ ᠤ ᠦᠢᠯᠡ ᠬᠡᠷᠡᠭ ᠺᠠᠲ᠋ᠣᠯᠢᠭ ᠱᠠᠰᠢᠨᠲᠠᠳ ᠠᠴᠠ ᠭᠠᠳᠠᠨ᠎ᠠ ᠥᠭᠡᠷ᠎ᠡ ᠥᠭᠡᠷ᠎ᠡ ᠱᠠᠰᠢᠨ ᠰᠢᠲᠦᠯᠭᠡ ᠲᠡᠢ ᠣᠯᠠᠨ ᠬᠥᠮᠥᠨ ᠳᠦ ᠢᠲᠡᠭᠡᠯ ᠨᠠᠢᠳᠠᠪᠤᠷᠢ᠂ ᠪᠠᠶᠠᠷ ᠪᠠᠶᠠᠰᠬᠤᠯᠠᠩ ᠠᠪᠴᠢᠷᠠᠵᠤ ᠪᠤᠢ ᠭᠡᠳᠡᠭ ᠲᠦ ᠢᠲᠡᠭᠡᠯ ᠲᠡᠢ ᠪᠠᠢᠭ᠎ᠠ ᠪᠥᠭᠡᠳ ᠲᠠᠨ ᠳᠤ ᠡᠷᠡᠭᠦᠯ ᠡᠩᠬᠡ᠂ ᠤᠷᠲᠤ ᠤᠳᠠᠭᠠᠨ ᠠᠮᠤᠷ ᠠᠮᠤᠭᠤᠯᠠᠩ ᠨᠠᠰᠤᠯᠠᠬᠤ ᠶᠢ ᠴᠢᠩ ᠰᠡᠳᠬᠢᠯ ᠡᠴᠡ ᠪᠡᠨ ᠬᠦᠰᠡᠨ ᠢᠷᠦᠭᠡᠶ᠎ᠡ ᠭᠡᠵᠡᠢ᠃



