ᠶᠠᠫᠣᠨ ᠤᠯᠤᠰ JICA ᠤᠨ ᠣᠢ ᠶᠢᠨ ᠮᠡᠷᠭᠡᠵᠢᠯᠲᠡᠳ ᠢᠶᠡᠨ ᠮᠣᠩᠭᠣᠯ ᠳᠤ ᠢᠷᠡᠭᠦᠯᠦᠨ᠎ᠡ | News.MN

ᠶᠠᠫᠣᠨ ᠤᠯᠤᠰ JICA ᠤᠨ ᠣᠢ ᠶᠢᠨ ᠮᠡᠷᠭᠡᠵᠢᠯᠲᠡᠳ ᠢᠶᠡᠨ ᠮᠣᠩᠭᠣᠯ ᠳᠤ ᠢᠷᠡᠭᠦᠯᠦᠨ᠎ᠡ

ᠳᠣᠷᠣᠨᠠᠲᠤ ᠠᠢᠮᠠᠭ ᠤᠨ ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠲᠤ ᠭᠠᠷᠤᠭᠰᠠᠨ ᠬᠡᠭᠡᠷ᠎ᠡ ᠶᠢᠨ ᠲᠦᠢᠮᠡᠷ ᠦᠨ ᠬᠣᠬᠢᠷᠠᠯ ᠢ ᠦᠨᠡᠯᠡᠵᠦ᠂ ᠥᠷᠲᠦᠭᠰᠡᠨ ᠪᠥᠰᠡ ᠨᠤᠲᠤᠭ ᠢ ᠨᠥᠬᠥᠨ ᠰᠡᠷᠭᠦᠭᠡᠬᠦ ᠳᠦ ᠳᠡᠮᠵᠢᠯᠭᠡ ᠦᠵᠡᠭᠦᠯᠬᠦ ᠪᠡᠷ ᠶᠠᠫᠣᠨ ᠤ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠪᠠᠢᠭᠤᠯᠤᠯᠭ᠎ᠠ︵JICA) ᠦᠨ ᠮᠡᠷᠭᠡᠵᠢᠯᠲᠡᠳ ᠢ ᠮᠠᠨ ᠤ ᠤᠯᠤᠰ ᠲᠤ ᠢᠯᠡᠭᠡᠬᠦ ᠪᠡᠷ ᠰᠢᠢᠳᠪᠦᠷᠢᠯᠡᠵᠡᠢ᠃ ᠡᠨᠡ ᠲᠠᠯ᠎ᠠ ᠪᠠᠷ ᠶᠠᠫᠣᠨ ᠤ ᠭᠠᠳᠠᠭᠠᠳᠤ ᠬᠡᠷᠡᠭ ᠦᠨ ᠰᠠᠢᠳ ᠲᠤᠰᠢᠮᠢᠴᠦ᠋  ᠮᠤᠲ᠋ᠧᠭᠢ 10 ᠰᠠᠷ᠎ᠠ ᠶᠢᠨ 17 ᠭᠠᠷᠭᠠᠭᠰᠠᠨ ᠮᠡᠳᠡᠭ᠍ᠳᠡᠯ ᠳᠦ ᠪᠡᠨ ᠳᠤᠷᠠᠳᠴᠠᠢ᠃

ᠲᠡᠳᠡ ᠮᠡᠷᠭᠡᠵᠢᠯᠲᠡᠨ ᠦ ᠢᠷᠡᠭᠦᠯᠬᠦ ᠲᠠᠢᠯᠤᠨ ᠳᠤ ᠦᠨᠳᠦᠰᠦᠯᠡᠨ ᠮᠣᠩᠭᠣᠯ ᠤᠨ ᠵᠠᠰᠠᠭ ᠤᠨ ᠭᠠᠵᠠᠷ ᠲᠠᠢ ᠨᠢᠭᠲᠠ ᠬᠠᠮᠲᠤᠷᠠᠨ ᠠᠵᠢᠯᠯᠠᠵᠤ᠂ ᠱᠠᠭᠠᠷᠳᠠᠯᠭ᠎ᠠ ᠲᠠᠢ ᠲᠣᠨᠣᠭ ᠲᠥᠬᠥᠭᠡᠷᠦᠮᠵᠢ ᠨᠡᠢᠯᠡᠭᠦᠯᠬᠦ᠂ ᠲᠦᠢᠮᠡᠷ ᠦᠨ ᠳᠠᠷᠠᠭᠠᠬᠢ ᠰᠡᠷᠭᠦᠭᠡᠨ ᠪᠣᠰᠬᠠᠯᠲᠠ ᠪᠣᠯᠤᠨ ᠪᠠᠢᠭᠠᠯᠢ ᠣᠷᠴᠢᠨ ᠤ ᠨᠥᠬᠥᠨ ᠰᠡᠷᠭᠦᠭᠡᠯᠲᠡ ᠶᠢᠨ ᠴᠢᠭᠯᠡᠯ ᠢᠶᠡᠷ ᠬᠦᠮᠦᠨ ᠦ ᠨᠥᠭᠡᠴᠡ ᠶᠢ ᠪᠡᠯᠡᠳᠬᠡᠬᠦ ᠵᠡᠷᠭᠡ ᠴᠣᠭᠴᠠ ᠳᠡᠮᠵᠢᠯᠭᠡ ᠦᠵᠡᠭᠦᠯᠬᠦ ᠪᠡᠷ ᠲᠥᠯᠥᠪᠯᠡᠵᠡᠢ᠃

JICA ᠨᠢ ᠮᠣᠩᠭᠣᠯ ᠳᠤ ᠪᠠᠢᠭᠠᠯᠢ ᠣᠷᠴᠢᠨ ᠤ ᠴᠢᠭᠯᠡᠯ ᠢᠶᠡᠷ ᠬᠠᠮᠲᠤᠷᠠᠨ ᠠᠵᠢᠯᠯᠠᠵᠤ ᠢᠷᠡᠭᠰᠡᠨ ᠲᠤᠷᠰᠢᠯᠭ᠎ᠠ ᠲᠠᠢ᠃ ᠲᠤᠬᠠᠢᠯᠠᠪᠠᠯ᠂ ᠲᠤᠰ ᠪᠠᠢᠭᠤᠯᠤᠯᠭ᠎ᠠ ᠮᠣᠩᠭᠣᠯ ᠤᠨ ᠪᠡᠯᠴᠢᠭᠡᠷ ᠦᠨ ᠤᠤᠭᠠᠯ ᠤᠷᠭᠤᠮᠠᠯ ᠤᠨ ᠨᠥᠭᠡᠴᠡ ᠶᠢ ᠠᠰᠢᠭᠯᠠᠨ ᠳᠣᠷᠣᠢᠲᠠᠭᠰᠠᠨ ᠪᠡᠯᠴᠢᠭᠡᠷ ᠢ ᠰᠡᠷᠭᠦᠭᠡᠬᠦ ᠲᠥᠰᠥᠯ ᠬᠡᠷᠡᠭᠵᠢᠭᠦᠯᠵᠦ ᠪᠠᠢᠭᠰᠠᠨ᠃ ᠮᠥᠨ ᠥᠭᠦᠢ ᠨᠠᠭᠤᠷ ᠤᠨ ᠤᠰᠤ ᠨᠠᠮᠤᠭ ᠭᠠᠵᠠᠷ ᠤᠨ ᠡᠺᠣ ᠰᠢᠰᠲ᠋ᠧᠮ ᠢ ᠬᠠᠮᠠᠭᠠᠯᠠᠬᠤ᠂ ᠲᠣᠭᠲᠠᠪᠤᠷᠢᠲᠠᠢ ᠠᠰᠢᠭᠯᠠᠬᠤ ᠴᠢᠭᠯᠡᠯ ᠢᠶᠡᠷ ᠰᠤᠳᠤᠯᠭ᠎ᠠ᠂ ᠡᠺᠤᠯᠤᠭᠢ ᠶᠢᠨ ᠪᠣᠯᠪᠠᠰᠤᠷᠠᠯ ᠤᠨ ᠠᠵᠢᠯ ᠳᠤ ᠳᠡᠮᠵᠢᠯᠭᠡ ᠦᠵᠡᠭᠦᠯᠵᠡᠢ᠃

ᠰᠡᠳᠬᠢᠭᠳᠡᠯ ᠦᠯᠡᠳᠡᠭᠡᠬᠦ