367 ᠲᠥᠷᠥᠯ ᠦᠨ ᠵᠥᠪᠰᠢᠶᠡᠷᠡᠯ ᠳᠦ ᠲᠠᠲᠠᠪᠤᠷᠢ ᠨᠡᠢᠭᠡᠮ ᠦᠨ ᠱᠠᠭᠠᠷᠳᠠᠯᠭ᠎ᠠ ᠲᠠᠯᠪᠢᠬᠤ ᠦᠭᠡᠢ ᠪᠣᠯᠵᠠᠢ | News.MN

367 ᠲᠥᠷᠥᠯ ᠦᠨ ᠵᠥᠪᠰᠢᠶᠡᠷᠡᠯ ᠳᠦ ᠲᠠᠲᠠᠪᠤᠷᠢ ᠨᠡᠢᠭᠡᠮ ᠦᠨ ᠱᠠᠭᠠᠷᠳᠠᠯᠭ᠎ᠠ ᠲᠠᠯᠪᠢᠬᠤ ᠦᠭᠡᠢ ᠪᠣᠯᠵᠠᠢ

ᠵᠠᠰᠠᠭ ᠤᠨ ᠭᠠᠵᠠᠷ ᠠᠴᠠ ᠬᠡᠷᠡᠭᠵᠢᠭᠦᠯᠵᠦ ᠪᠤᠢ 《ᠴᠢᠯᠦᠭᠡᠯᠡᠶ᠎ᠡ》ᠪᠣᠳᠣᠯᠭ᠎ᠠ ᠶᠢᠨ ᠬᠦᠷᠢᠶᠡᠨ ᠳᠦ ᠵᠥᠪᠰᠢᠶᠡᠷᠡᠯ ᠦᠨ ᠲᠣᠭᠲᠠᠯᠴᠠᠭ᠎ᠠ ᠶᠢ ᠰᠢᠨᠡᠳᠭᠡᠬᠦ᠂ ᠲᠥᠷᠥ ᠶᠢᠨ ᠱᠠᠭᠠᠷᠳᠠᠯᠭ᠎ᠠ ᠦᠭᠡᠢ ᠵᠣᠬᠢᠴᠠᠭᠤᠯᠤᠯᠲᠠ᠂ ᠱᠠᠲᠤ ᠳᠠᠮᠵᠢᠯᠭ᠎ᠠ ᠶᠢ ᠪᠠᠭᠤᠷᠠᠭᠤᠯᠬᠤ ᠠᠵᠢᠯ ᠢ ᠦᠷᠭᠦᠯᠵᠢᠯᠡᠭᠦᠯᠵᠦ ᠪᠠᠢᠨ᠎ᠠ᠃

ᠵᠥᠪᠰᠢᠶᠡᠷᠡᠯ ᠦᠨ ᠵᠥᠪᠯᠡᠯ ᠦᠨ ᠬᠣᠶᠠᠳᠠᠬᠢ ᠬᠤᠷᠠᠯᠳᠤᠭᠠᠨ ᠠᠷᠪᠠᠳᠤᠭᠠᠷ ᠰᠠᠷ᠎ᠠ ᠶᠢᠨ 27 ᠳᠦ ᠡᠳ᠋ ᠦᠨ ᠵᠠᠰᠠᠭ᠂ ᠬᠥᠭᠵᠢᠯ ᠦᠨ ᠶᠠᠮᠤᠨ ᠳᠤ ᠪᠣᠯᠵᠤ᠂ ᠠᠩᠬᠠᠳᠤᠭᠠᠷ ᠬᠤᠷᠠᠯᠳᠤᠭᠠᠨ ᠠᠴᠠ ᠭᠠᠷᠭᠠᠭᠰᠠᠨ ᠵᠥᠪᠯᠡᠮᠵᠢ ᠶᠢᠨ ᠬᠡᠷᠡᠭᠵᠢᠯᠲᠡ᠂ ᠦᠷ᠎ᠡ ᠳ᠋ᠦᠩ ᠢ ᠬᠡᠯᠡᠯᠴᠡᠵᠡᠢ᠃

ᠬᠤᠷᠠᠯᠳᠤᠭᠠᠨ  ᠳᠦ ᠲᠠᠨᠢᠯᠴᠠᠭᠤᠯᠤᠭᠰᠠᠨ ᠢᠶᠠᠷ᠂ ᠵᠥᠪᠰᠢᠶᠡᠷᠡᠯ ᠦᠨ ᠵᠥᠪᠯᠡᠯ ᠦᠨ ᠠᠵᠢᠯᠯᠠᠬᠤ ᠵᠢᠷᠤᠮ ᠢ ᠪᠠᠲᠤᠯᠠᠭᠤᠯᠵᠤ᠂ ᠱᠠᠭᠠᠷᠳᠠᠯᠭ᠎ᠠ ᠦᠭᠡᠢ ᠪᠣᠯᠤᠭᠰᠠᠨ 44 ᠡᠷᠬᠡ ᠵᠦᠢ ᠶᠢᠨ ᠠᠺᠲ ᠢ ᠬᠦᠴᠦᠨ ᠦᠭᠡᠢ ᠪᠣᠯᠭᠠᠵᠤ᠂ 54 ᠪᠠᠢᠭᠤᠯᠤᠯᠭ᠎ᠠ ᠶᠢᠨ 367 ᠲᠥᠷᠥᠯ ᠦᠨ ᠵᠥᠪᠰᠢᠶᠡᠷᠡᠯ ᠳᠦ ᠲᠠᠲᠠᠪᠤᠷᠢ᠂ ᠨᠡᠢᠭᠡᠮ ᠤᠨ ᠳᠠᠭᠠᠳᠬᠠᠯ ᠤᠨ ᠰᠢᠮᠡᠳᠬᠡᠯ ᠦᠨ ᠥᠷᠢ ᠦᠭᠡᠢ ᠪᠠᠢᠬᠤ ᠱᠠᠭᠠᠷᠳᠠᠯᠭ᠎ᠠ ᠲᠠᠯᠪᠢᠬᠤ ᠦᠭᠡᠢ ᠪᠠᠢᠬᠤ ᠪᠠᠷ ᠰᠢᠰᠲ᠋ᠧᠮ ᠦᠨ ᠲᠣᠬᠢᠷᠠᠭ᠎ᠠ ᠬᠢᠵᠡᠢ᠃《ᠵᠥᠪᠰᠢᠶᠡᠷᠡᠯ᠂ ᠮᠡᠳᠡᠭᠳᠡᠯ ᠦᠨ ᠲᠤᠬᠠᠢ》 ᠬᠠᠤᠯᠢ ᠬᠡᠷᠡᠭᠵᠢᠵᠦ ᠡᠬᠢᠯᠡᠭᠰᠡᠨ ᠡᠴᠡ ᠬᠣᠢᠰᠢ ᠨᠡᠢᠲᠡ 32358 ᠵᠥᠪᠰᠢᠶᠡᠷᠡᠯ ᠣᠯᠭᠤᠭᠰᠠᠨ ᠪᠥᠭᠡᠳ ᠢᠷᠭᠡᠨ᠂ ᠠᠵᠤ ᠠᠬᠤᠢ ᠶᠢᠨ ᠨᠢᠭᠡᠴᠡ ᠳᠦ ᠵᠥᠪᠯᠡᠭᠡ ᠥᠭᠬᠦ᠂ ᠲᠤᠯᠭᠠᠮᠳᠠᠭᠰᠠᠨ ᠠᠰᠠᠭᠤᠳᠠᠯ ᠢ ᠰᠢᠢᠳᠪᠦᠷᠢᠯᠡᠬᠦ ᠳᠦ ᠳᠡᠮᠵᠢᠯᠭᠡ ᠦᠵᠡᠭᠦᠯᠬᠦ 《ᠵᠥᠪᠰᠢᠶᠡᠷᠡᠯ ᠦᠨ ᠮᠡᠳᠡᠭᠡᠯᠡᠯ᠂ ᠦᠢᠯᠡᠴᠢᠯᠡᠭᠡᠨ ᠦ ᠨᠢᠭᠡᠳᠦᠭᠰᠡᠨ ᠲᠥᠪ》 ᠢ ᠪᠠᠢᠭᠤᠯᠤᠭᠰᠠᠨ ᠪᠠᠢᠨ᠎ᠠ᠃

ᠰᠡᠳᠬᠢᠭᠳᠡᠯ ᠦᠯᠡᠳᠡᠭᠡᠬᠦ