ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠤᠨ 76.4 ᠬᠤᠪᠢ ᠨᠢ ᠰᠢᠲᠠᠵᠠᠢ | News.MN

ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠤᠨ 76.4 ᠬᠤᠪᠢ ᠨᠢ ᠰᠢᠲᠠᠵᠠᠢ

ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠤᠨ ᠲᠦᠢᠮᠡᠷ ᠲᠦ ᠥᠷᠲᠦᠭᠰᠡᠨ ᠲᠠᠯᠠᠪᠠᠢ ᠶᠢᠨ ᠬᠡᠮᠵᠢᠶᠡᠨ ᠦ ᠠᠯᠪᠠᠨ ᠶᠣᠰᠣᠨ ᠤ ᠮᠡᠳᠡᠭᠡᠯᠡᠯ ᠢ ᠪᠠᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠶᠠᠮᠤᠨ ᠲᠠᠨᠢᠯᠴᠠᠭᠤᠯᠤᠯ᠎ᠠ᠃ ᠲᠣᠳᠣᠷᠠᠭᠤᠯᠪᠠᠯ᠂ ᠲᠤᠰᠬᠠᠢ ᠬᠠᠮᠠᠭᠠᠯᠠᠯᠲᠠ ᠲᠠᠢ ᠭᠠᠵᠠᠷ ᠤᠨ ᠨᠡᠢᠲᠡ ᠲᠠᠯᠠᠪᠠᠢ ᠶᠢᠨ 76.4 ᠬᠤᠪᠢ ᠪᠤᠶᠤ 448993.6 ᠭᠠ ᠭᠠᠵᠠᠷ ᠲᠦᠢᠮᠡᠷ ᠲᠦ ᠥᠷᠲᠦᠭᠰᠡᠨ ᠪᠣᠯᠬᠤ ᠶᠢ ᠬᠢᠮᠡᠯ ᠳᠠᠭᠠᠭᠤᠯᠢ ᠶᠢᠨ ᠵᠢᠷᠤᠭᠯᠠᠯ ᠤᠨ ᠳ᠋ᠦᠩ ᠢᠶᠡᠷ ᠲᠣᠭᠲᠠᠭᠠᠵᠠᠢ᠃

ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠤᠨ ᠨᠡᠢᠲᠡ 587744.1 ᠭᠠ ᠲᠠᠯᠠᠪᠠᠢ ᠲᠠᠢ᠃ ᠡᠭᠦᠨ ᠦ 138750.5 ᠭᠠ ᠪᠤᠶᠤ 23.6 ᠬᠤᠪᠢ ᠨᠢ ᠲᠦᠢᠮᠡᠷ ᠲᠦ ᠥᠷᠲᠥᠭᠡ ᠦᠭᠡᠢ ᠪᠠᠢᠨ᠎ᠠ᠃ ᠲᠦᠢᠮᠡᠷ ᠦᠨ ᠬᠣᠬᠢᠷᠠᠯ ᠤᠨ ᠬᠡᠮᠵᠢᠶ᠎ᠡ ᠶᠢ ᠲᠣᠭᠲᠠᠭᠠᠬᠤ ᠡᠭᠦᠷᠭᠡ ᠪᠦᠬᠦᠢ ᠠᠵᠢᠯ ᠤᠨ ᠬᠡᠰᠡᠭ ᠲᠦ ᠰᠢᠭᠦᠬᠦ ᠰᠢᠨᠵᠢᠯᠡᠭᠡᠨ ᠦ ᠮᠡᠷᠭᠡᠵᠢᠯ ᠦᠨ ᠰᠢᠨᠵᠢᠭᠡᠴᠢᠳ ᠪᠣᠯᠤᠨ ᠣᠢ᠂ ᠤᠷᠭᠤᠮᠠᠯ ᠤᠨ ᠰᠤᠳᠤᠯᠤᠭᠠᠴᠢᠳ ᠢ ᠨᠡᠮᠡᠵᠦ ᠠᠵᠢᠯᠯᠠᠭᠤᠯᠵᠤ ᠡᠬᠢᠯᠡᠵᠡᠢ᠃

ᠰᠡᠳᠬᠢᠭᠳᠡᠯ ᠦᠯᠡᠳᠡᠭᠡᠬᠦ