ᠢᠮᠠᠭᠠᠨ ᠤ ᠭᠣᠳᠣᠷᠣᠩ ᠡᠪᠡᠳᠴᠢᠨ ᠦ ᠡᠰᠡᠷᠭᠦ ᠸᠠᠺᠼᠢᠨ ᠠᠷᠪᠠᠨ ᠨᠢᠭᠡᠳᠦᠭᠡᠷ ᠰᠠᠷ᠎ᠠ ᠳᠤ ᠮᠣᠩᠭᠣᠯ ᠤᠯᠤᠰ ᠦᠢᠯᠡᠳᠪᠤᠷᠢᠯᠡᠬᠦ ᠲᠠᠯ᠎ᠠ ᠪᠠᠷ ᠬᠦᠨᠡᠰᠦ ᠬᠥᠳᠡᠭᠡ ᠠᠵᠤ ᠠᠬᠤᠢ ᠬᠥᠩᠭᠡᠨ ᠦᠢᠯᠡᠳᠪᠦᠷᠢ ᠶᠢᠨ ᠰᠠᠢᠳ ᠼ ∙ ᠢᠳᠡᠷᠪᠠᠲᠤ ᠮᠡᠳᠡᠭᠡᠯᠡᠯ᠎ᠡ᠃
ᠸᠠᠺᠼᠢᠨ ᠰᠢᠨ᠎ᠡ ᠪᠡᠷ ᠦᠢᠯᠡᠳᠪᠦᠷᠢᠯᠡᠬᠦ ᠳᠦ 1.5 ᠲᠡᠷᠪᠤᠮ ᠲᠥᠭᠥᠷᠢᠭ ᠬᠤᠪᠢᠶᠠᠷᠢᠯᠠᠭᠰᠠᠨ ᠪᠣᠯ ᠢᠮᠠᠭ᠎ᠠ ᠶᠢ ᠤᠰᠠᠳᠬᠠᠯ ᠳᠤ ᠣᠷᠣᠭᠤᠯᠤᠭᠰᠠᠨ ᠡᠷᠦᠬᠡ ᠨᠦᠭᠦᠳ ᠲᠦ 5.3 ᠲᠡᠷᠪᠤᠮ ᠲᠥᠭᠥᠷᠢᠭ ᠦᠨ ᠨᠥᠬᠥᠨ ᠣᠯᠭᠣᠪᠤᠷᠢ ᠶᠢ ᠨᠥᠭᠡᠴᠡ ᠰᠠᠩ ᠠᠴᠠ ᠭᠠᠷᠭᠠᠬᠤ ᠪᠠᠷ ᠰᠢᠢᠳᠪᠦᠷᠢᠯᠡᠭᠰᠡᠨ ᠢ ᠮᠥᠨ ᠲᠠᠨᠢᠯᠴᠠᠭᠤᠯᠪᠠ᠃
ᠸᠠᠺᠼᠢᠨ ᠢ ᠳᠣᠲᠣᠭᠠᠳᠤ ᠳᠤ ᠪᠠᠨ ᠦᠢᠯᠡᠳᠪᠦᠷᠢᠯᠡᠬᠦ ᠪᠡᠷ ᠰᠢᠨᠵᠢᠯᠡᠬᠦ ᠤᠬᠠᠭᠠᠨ ᠤ ᠣᠯᠠᠨ ᠱᠠᠲᠤ ᠳᠠᠮᠵᠢᠯᠭ᠎ᠠ ᠳᠠᠭᠤᠰᠤᠭᠠᠳ ᠥᠪᠡᠷᠰᠡᠳ ᠦᠨ ᠢᠶᠡᠨ ᠢᠲᠡᠭᠡᠮᠵᠢᠯᠡᠭᠳᠡᠭᠰᠡᠨ ᠯᠠᠪᠤᠷᠠᠲ᠋ᠣᠷᠢ ᠪᠠᠷ ᠪᠠᠲᠤᠯᠠᠭᠠᠵᠢᠭᠤᠯᠤᠨ᠂ ᠣᠯᠠᠨ ᠤᠯᠤᠰ ᠤᠨ ᠢᠲᠡᠭᠡᠮᠵᠢᠯᠡᠭᠳᠡᠭᠰᠡᠨ ᠯᠠᠪᠤᠷᠠᠲ᠋ᠣᠷᠢ ᠳᠤ ᠶᠠᠪᠤᠭᠤᠯᠤᠭᠠᠳ ᠪᠠᠢᠭ᠎ᠠ᠃ ᠠᠷᠪᠠᠨ ᠨᠢᠭᠡᠳᠦᠭᠡᠷ ᠰᠠᠷ᠎ᠠ ᠶᠢᠨ ᠳᠤᠮᠳᠠ ᠭᠡᠬᠦ ᠳᠦ ᠢᠮᠠᠭᠠᠨ ᠤ ᠭᠣᠳᠣᠷᠣᠩ ᠡᠪᠡᠳᠴᠢᠨ ᠦ ᠸᠠᠺᠼᠢᠨ ᠦᠢᠯᠡᠳᠪᠤᠷᠢᠯᠡᠨ᠎ᠡ ᠭᠡᠯᠡ᠃



