ᠶᠠᠫᠣᠨ ᠤᠯᠤᠰ ᠲᠤ 10 ᠳ᠋ᠤᠭᠠᠷ ᠰᠠᠷ᠎ᠠ ᠶᠢᠨ 18-24 ᠳᠤ ᠪᠣᠯᠣᠭᠰᠠᠨ ᠠᠽᠢᠶ᠎ᠠ ᠶᠢᠨ ᠲᠠᠪᠤᠳᠤᠭᠠᠷ ᠫᠠᠷᠠ ᠨᠠᠭᠠᠳᠤᠮ ᠢ ᠮᠠᠨ ᠤ ᠲᠠᠮᠢᠷᠴᠢᠳ 10 ᠮᠧᠳᠠᠯ ᠬᠦᠷᠲᠡᠭᠰᠡᠨ ᠠᠮᠵᠢᠯᠲᠠ ᠪᠠᠷ ᠥᠨᠳᠦᠷᠯᠡᠭᠦᠯᠦᠯᠡ᠃
ᠡᠨᠡ ᠤᠳᠠᠭ᠎ᠠ ᠶᠢᠨ ᠨᠠᠭᠠᠳᠤᠮ ᠳᠤ ᠮᠠᠨ ᠤ 44 ᠲᠠᠮᠢᠷᠴᠢᠨ ᠰᠫᠣᠷᠲ ᠤᠨ 10 ᠲᠥᠷᠥᠯ ᠳᠦ ᠥᠷᠢᠰᠦᠯᠳᠦᠭᠰᠡᠨ ᠪᠥᠭᠡᠳ ᠳᠥᠷᠪᠡᠨ ᠠᠯᠲᠠ᠂ ᠳᠥᠷᠪᠡᠨ ᠮᠥᠩᠭᠥ᠂ ᠬᠣᠶᠠᠷ ᠬᠦᠷᠡᠯ ᠮᠧᠳᠠᠯ ᠬᠦᠷᠲᠡᠵᠦ᠂ 45 ᠣᠷᠣᠨ ᠠᠴᠠ 14 ᠳ᠋ᠤᠭᠡᠷ ᠪᠠᠢᠷᠢ ᠳᠤ ᠰᠢᠯᠭᠠᠷᠠᠵᠤ᠂ ᠲᠡᠦᠬᠡᠨ ᠳᠡᠭᠡᠳᠦ ᠠᠮᠵᠢᠯᠲᠠ ᠦᠵᠡᠭᠦᠯᠪᠡ᠃



