ᠰᠤᠷᠠᠭ ᠦᠭᠡᠢ ᠪᠣᠯᠤᠭᠰᠠᠨ ᠡᠮᠡᠭᠲᠡᠢ  ᠶᠢᠨ ᠮᠡᠳᠡᠭᠡᠯᠡᠯ ᠢ ᠦᠨᠡᠯᠡᠵᠦ ᠠᠪᠬᠤ ᠪᠠᠨ ᠮᠡᠳᠡᠭᠳᠡᠯ᠎ᠡ | News.MN

ᠰᠤᠷᠠᠭ ᠦᠭᠡᠢ ᠪᠣᠯᠤᠭᠰᠠᠨ ᠡᠮᠡᠭᠲᠡᠢ  ᠶᠢᠨ ᠮᠡᠳᠡᠭᠡᠯᠡᠯ ᠢ ᠦᠨᠡᠯᠡᠵᠦ ᠠᠪᠬᠤ ᠪᠠᠨ ᠮᠡᠳᠡᠭᠳᠡᠯ᠎ᠡ

ᠣᠪᠰᠣ ᠠᠢᠮᠠᠭ ᠤᠨ ᠲᠠᠷᠢᠶᠠᠯᠠᠩ ᠰᠤᠮᠤᠨ ᠳᠤ ᠡᠨᠡ ᠰᠠᠷ᠎ᠠ ᠶᠢᠨ 15 ᠤ ᠥᠷᠯᠥᠭᠡ 07 ᠴᠠᠭ ᠤᠨ ᠣᠷᠴᠢᠮ ᠳᠤ ᠮᠠᠯ ᠢᠶᠠᠨ ᠬᠠᠢᠬᠤ ᠪᠠᠷ ᠭᠡᠷ ᠡᠴᠡ ᠪᠡᠨ ᠮᠣᠷᠢ ᠲᠠᠢ ᠭᠠᠷᠤᠭᠠᠳ ᠰᠤᠷᠠᠭ ᠦᠭᠡᠢ ᠪᠣᠯᠤᠭᠰᠠᠨ 26 ᠨᠠᠰᠤᠲᠠᠢ ᠡᠮᠡᠭᠲᠡᠢ ᠶᠢ ᠡᠷᠢᠨ ᠬᠠᠢᠬᠤ ᠠᠵᠢᠯᠯᠠᠭ᠎ᠠ ᠥᠨᠥᠳᠥᠷ 13 ᠳ᠋ᠡᠬᠢ ᠡᠳᠦᠷ ᠢᠶᠡᠨ ᠦᠷᠭᠦᠯᠵᠢᠯᠡᠵᠦ ᠪᠠᠢᠭ᠎ᠠ᠃ ᠲᠡᠭᠡᠪᠡᠯ ᠲᠤᠬᠠᠢ ᠶᠢᠨ ᠢᠷᠭᠡᠨ ᠢ ᠴᠠᠭᠳᠠᠭ᠎ᠠ ᠶᠢᠨ ᠪᠠᠢᠭᠤᠯᠤᠯᠭ᠎ᠠ ᠠᠴᠠ ᠠᠯᠪᠠᠨ ᠶᠣᠰᠣᠭᠠᠷ ᠡᠷᠢᠨ ᠰᠤᠷᠪᠤᠯᠵᠢᠯᠠᠵᠤ᠂ ᠠᠴᠢ ᠬᠣᠯᠪᠣᠭᠳᠠᠯ ᠪᠦᠬᠦᠢ ᠮᠡᠳᠡᠭᠡᠯᠡᠯ ᠢ ᠵᠢᠷᠤᠮ ᠤᠨ ᠳᠠᠭᠠᠤ ᠦᠨᠡᠯᠡᠵᠦ ᠠᠪᠤᠨ᠎ᠠ ᠭᠡᠳᠡᠭ ᠢᠶᠡᠨ ᠮᠡᠳᠡᠭᠳᠡᠯ᠎ᠡ᠃

ᠠᠯᠠᠭ᠎ᠠ ᠪᠣᠯᠤᠭᠰᠠᠨ ᠪᠠᠶᠠᠷ᠎ᠠ ᠶᠢᠨ ᠠᠷᠢᠭᠤᠨ᠎ᠠ ᠭᠡᠬᠦ 26 ᠨᠠᠰᠤᠲᠠᠢ ᠡᠮᠡᠭᠲᠡᠢ ᠨᠢ ᠰᠤᠷᠠᠭ ᠦᠭᠡᠢ ᠠᠯᠠᠭ᠎ᠠ ᠪᠣᠯᠬᠤ ᠦᠶ᠎ᠡ ᠳᠦ ᠪᠡᠨ ᠴᠡᠩᠬᠡᠷ ᠰᠤᠳᠠᠯ ᠲᠠᠢ ᠨᠢᠮᠭᠡᠨ ᠺᠦᠷᠲ᠋ᠢᠺ᠂ ᠪᠣᠭᠣᠨᠢ ᠲᠦᠷᠡᠢ ᠲᠡᠢ ᠬᠠᠪᠤᠷ ᠨᠠᠮᠤᠷ ᠤᠨ ᠬᠠᠷ᠎ᠠ ᠭᠤᠲᠤᠯ᠂ ᠬᠠᠷ᠎ᠠ  ᠥᠮᠥᠳᠥ ᠲᠡᠢ ᠶᠠᠪᠤᠭᠰᠠᠨ ᠪᠠᠢᠨ᠎ᠠ᠃

ᠰᠡᠳᠬᠢᠭᠳᠡᠯ ᠦᠯᠡᠳᠡᠭᠡᠬᠦ