ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ ᠶᠣᠰᠣ ᠵᠦᠢ᠂ ᠰᠠᠬᠢᠯᠭ᠎ᠠ ᠬᠠᠷᠢᠭᠤᠴᠠᠯᠭ᠎ᠠ ᠶᠢᠨ ᠵᠥᠪᠯᠡᠯ ᠬᠤᠷᠠᠯᠳᠤᠵᠤ ᠂ ᠲᠤᠯᠭᠤᠷ ᠲᠥᠷᠥ ᠶᠢᠨ 2235 ᠵᠢᠯ᠂ ᠶᠡᠬᠡ ᠮᠣᠩᠭᠣᠯ ᠤᠯᠤᠰ ᠤᠨ 820 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 115 ᠵᠢᠯ᠂ ᠠᠷᠠᠳ ᠤᠨ ᠬᠤᠪᠢᠰᠬᠠᠯ ᠤᠨ 105 ᠵᠢᠯ᠂ ᠠᠷᠠᠳᠴᠢᠯᠠᠭᠰᠠᠨ ᠬᠤᠪᠢᠰᠬᠠᠯ ᠤᠨ 36 ᠵᠢᠯ ᠦᠨ ᠣᠢ ᠶᠢᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠪᠠᠷᠢᠯᠳᠤᠭᠠᠨ ᠳᠤ ᠪᠦᠷᠢᠳᠬᠡᠭᠦᠯᠦᠭᠰᠡᠨ ᠪᠣᠯᠪᠠᠴᠤ ᠢᠷᠡᠵᠦ ᠪᠠᠷᠢᠯᠳᠤᠭ᠎ᠠ ᠦᠭᠡᠢ ᠪᠥᠬᠡᠴᠦᠳ ᠦᠨ ᠪᠠᠷᠢᠯᠳᠤᠬᠤ ᠡᠷᠬᠡ ᠶᠢ ᠬᠠᠰᠤᠭᠰᠠᠨ ᠪᠠᠢᠨ᠎ᠠ᠃
ᠢᠩᠭᠢᠬᠦ ᠳᠦ ᠪᠡᠨ ᠶᠣᠰᠣ ᠵᠦᠢ᠂ ᠰᠠᠬᠢᠯᠭ᠎ᠠ ᠬᠠᠷᠢᠭᠤᠴᠠᠯᠭ᠎ᠠ ᠶᠢᠨ ᠵᠥᠪᠯᠡᠯ ᠳᠦ ᠪᠢᠴᠢᠭ ᠢᠶᠡᠷ ᠲᠠᠢᠯᠪᠤᠷᠢ ᠢᠷᠡᠭᠦᠯᠦᠭᠡ ᠦᠭᠡᠢ᠂ ᠰᠣᠨᠣᠰᠬᠠᠯ ᠳᠤ ᠪᠡᠶᠡᠴᠢᠯᠡᠨ ᠢᠷᠡᠭᠡ ᠦᠭᠡᠢ 25 ᠪᠥᠬᠡ ᠶᠢᠨ ᠪᠠᠷᠢᠯᠳᠤᠬᠤ ᠡᠷᠬᠡ ᠶᠢ 14 ᠰᠠᠷ᠎ᠠ ᠪᠠᠷ ᠬᠠᠰᠤᠵᠤ᠂ ᠪᠢᠴᠢᠭ ᠢᠶᠡᠷ ᠲᠠᠢᠯᠪᠤᠷᠢ ᠢᠷᠡᠭᠦᠯᠦᠭᠰᠡᠨ ᠪᠣᠯᠪᠠᠴᠤ ᠪᠡᠶᠡᠴᠢᠯᠡᠨ ᠰᠣᠨᠣᠰᠬᠠᠯ ᠳᠤ ᠢᠷᠡᠭᠡ ᠦᠭᠡᠢ 9 ᠪᠥᠬᠡ ᠶᠢᠨ ᠪᠠᠷᠢᠯᠳᠤᠬᠤ ᠡᠷᠬᠡ ᠶᠢ 10 ᠰᠠᠷ᠎ᠠ ᠪᠠᠷ ᠬᠠᠰᠤᠭᠰᠠᠨ ᠪᠠᠢᠨ᠎ᠠ᠃ ᠪᠢᠴᠢᠭ ᠢᠶᠡᠷ ᠲᠠᠢᠯᠪᠤᠷᠢ ᠢᠷᠡᠭᠦᠯᠵᠦ᠂ ᠰᠣᠨᠣᠰᠬᠠᠯ ᠳᠤ ᠪᠡᠶ᠎ᠡ ᠪᠡᠷ ᠢᠷᠡᠭᠰᠡᠨ 5 ᠪᠥᠬᠡ ᠶᠢᠨ ᠡᠷᠬᠡ ᠶᠢ ᠵᠢᠷᠭᠤᠭᠠᠨ ᠰᠠᠷ᠎ᠠ ᠪᠠᠷ ᠬᠠᠰᠤᠬᠤ ᠰᠢᠢᠳᠪᠦᠷᠢ ᠭᠠᠷᠭᠠᠵᠠᠢ᠃



