《The HU》ᠬᠠᠮᠲᠤᠯᠢᠭ 10 ᠰᠠᠷ᠎ᠠ ᠶᠢᠨ 26 ᠳᠦ ᠹᠷᠠᠨᠼᠢ ᠤᠯᠤᠰ ᠤᠨ ᠨᠡᠢᠰᠯᠡᠯ ᠫᠠᠷᠢᠰ ᠬᠣᠲᠠ ᠳ᠋ᠡᠬᠢ UNESCO ᠦᠨ ᠲᠥᠪ ᠪᠠᠢᠷᠢᠨ ᠳᠤ 《ᠡᠩᠬᠡ ᠲᠠᠢᠪᠤᠩ ᠤᠨ ᠲᠥᠯᠥᠭᠡ ᠳᠠᠭᠤᠤ ᠪᠠᠨ ᠡᠷᠭᠦᠶ᠎ᠡ》ᠤᠷᠢᠶᠠᠨ ᠳᠣᠣᠷ᠎ᠠ ᠲᠤᠰᠬᠠᠢ ᠲᠣᠭᠯᠠᠯᠲᠠ ᠪᠠᠨ ᠲᠣᠯᠢᠯᠠᠭᠤᠯᠤᠯ᠎ᠠ᠃
ᠲᠡᠳᠡ ᠮᠣᠷᠢᠨ ᠬᠤᠭᠤᠷ᠂ ᠲᠣᠪᠰᠢᠭᠤᠷ᠂ ᠬᠦᠭᠡᠮᠢ ᠵᠡᠷᠭᠡ ᠮᠣᠩᠭᠣᠯ ᠤᠨ ᠤᠯᠠᠮᠵᠢᠯᠠᠯᠲᠤ ᠬᠥᠭᠵᠢᠮ ᠦᠨ ᠥᠪ ᠢ ᠣᠷᠴᠢᠨ ᠦᠶ᠎ᠡ ᠶᠢᠨ ᠷᠣᠺ ᠬᠥᠭᠵᠢᠮ ᠲᠡᠢ ᠬᠣᠣᠰᠯᠠᠭᠤᠯᠤᠭᠰᠠᠨ《ᠾᠦᠩᠨᠤ ᠷᠣᠺ》ᠤᠷᠤᠰᠬᠠᠯ ᠢᠶᠠᠨ ᠲᠣᠯᠢᠯᠠᠭᠤᠯᠵᠤ᠂ ᠦᠨᠳᠦᠰᠦᠨ ᠦ ᠲᠡᠦᠬᠡ ᠰᠤᠶᠤᠯ ᠤᠨ ᠥᠪᠡᠷᠮᠢᠴᠡ ᠣᠨᠴᠠᠯᠢᠭ ᠢ ᠣᠯᠠᠨ ᠤᠯᠤᠰ ᠲᠤ ᠰᠤᠷᠲᠠᠯᠴᠢᠯᠠᠨ ᠲᠠᠨᠢᠭᠤᠯᠪᠠ᠃
UNESCO ᠳᠤ 2022 ᠣᠨ ᠳᠤ《ᠡᠩᠬᠡ ᠲᠠᠢᠪᠤᠩ ᠤᠨ ᠲᠥᠯᠦᠭᠡᠬᠢ ᠤᠷᠠᠨ ᠪᠦᠲᠦᠭᠡᠯᠴᠢ》ᠴᠣᠯᠠ ᠪᠠᠷ ᠡᠷᠭᠦᠮᠵᠢᠯᠡᠭᠳᠡᠭᠰᠡᠨ 《The HU》ᠬᠠᠮᠲᠤᠯᠢᠭ ᠤᠨ ᠡᠨᠡ ᠬᠦ ᠲᠣᠭᠯᠠᠯᠲᠠ ᠨᠢ ᠬᠥᠭᠵᠢᠮ ᠦᠨ ᠤᠷᠠᠯᠢᠭ ᠢᠶᠠᠷ ᠳᠠᠮᠵᠢᠭᠤᠯᠤᠨ ᠡᠩᠬᠡ ᠲᠠᠢᠪᠤᠩ᠂ ᠡᠪ ᠨᠢᠭᠡᠳᠦᠯ᠂ ᠰᠤᠶᠤᠯ ᠤᠨ ᠣᠯᠠᠨ ᠲᠠᠯᠠᠲᠤ ᠪᠠᠢᠳᠠᠯ ᠢ ᠳᠡᠮᠵᠢᠭᠰᠡᠨ ᠦᠢᠯᠡ ᠶᠠᠪᠤᠳᠠᠯ ᠪᠢᠯᠡ᠃



