ᠮᠣᠩᠭᠣᠯ ᠤᠯᠤᠰ ᠤᠨ ᠵᠠᠰᠠᠭ ᠤᠨ ᠭᠠᠵᠠᠷ ᠤᠨ 2026 ᠣᠨ ᠤ 286 ᠳ᠋ᠤᠭᠠᠷ ᠲᠣᠭᠲᠠᠭᠠᠯ ᠤᠨ ᠬᠡᠷᠡᠭᠵᠢᠯᠲᠡ ᠶᠢ ᠬᠠᠩᠭᠠᠬᠤ ᠬᠦᠷᠢᠶᠡᠨ ᠳᠦ ᠡᠪᠡᠰᠦ᠂ ᠲᠡᠵᠢᠭᠡᠯ ᠦᠨ ᠠᠶᠤᠯᠭᠦᠢ ᠶᠢᠨ ᠨᠥᠭᠡᠴᠡ ᠪᠦᠷᠢᠳᠦᠭᠦᠯᠬᠦ᠂ ᠡᠷᠡᠰᠳᠡᠯ ᠢ ᠪᠠᠭᠤᠷᠠᠭᠤᠯᠬᠤ᠂ ᠮᠠᠯᠴᠢᠳ ᠤᠨ ᠣᠷᠣᠯᠭ᠎ᠠ ᠶᠢ ᠳᠡᠮᠵᠢᠬᠦ ᠠᠷᠭ᠎ᠠ ᠬᠡᠮᠵᠢᠶ᠎ᠡ ᠨᠦᠭᠦᠳ ᠢ ᠦᠶ᠎ᠡ ᠱᠠᠲᠤ ᠲᠠᠢ ᠵᠣᠬᠢᠶᠠᠨ ᠪᠠᠢᠭᠤᠯᠤᠨ ᠠᠵᠢᠯᠯᠠᠵᠤ ᠪᠠᠢᠨ᠎ᠠ᠃
ᠵᠤᠨ᠂ ᠨᠠᠮᠤᠷ ᠤᠨ ᠤᠯᠠᠷᠢᠯ ᠳᠤ ᠤᠯᠤᠰ ᠤᠨ ᠬᠡᠮᠵᠢᠶᠡᠨ ᠳᠦ 76.9 ᠰᠠᠶ᠎ᠠ ᠲᠣᠯᠣᠭᠠᠢ ᠮᠠᠯ ᠪᠡᠯᠴᠢᠭᠡᠷᠯᠡᠭᠰᠡᠨ ᠪᠥᠭᠡᠳ ᠬᠦᠮᠦᠨ ᠠᠮᠠ ᠶᠢᠨ ᠬᠦᠨᠡᠰᠦᠨ ᠦ ᠬᠡᠷᠡᠭᠴᠡᠭᠡ ᠪᠣᠯᠤᠨ ᠮᠠᠯ᠂ ᠮᠢᠬ᠎ᠠ ᠪᠡᠯᠡᠳᠬᠡᠯ ᠳᠦ 15.1 ᠰᠠᠶ᠎ᠠ ᠣᠷᠴᠢᠮ ᠲᠣᠯᠣᠭᠠᠢ ᠮᠠᠯ ᠢ ᠨᠡᠢᠯᠡᠭᠦᠯᠬᠦ ᠪᠡᠷ ᠲᠣᠭᠠᠴᠠᠭᠰᠠᠨ᠃ ᠢᠩᠭᠢᠭᠡᠳ ᠤᠯᠤᠰ ᠤᠨ ᠬᠡᠮᠵᠢᠶᠡᠨ ᠳᠦ 195.5 ᠮᠢᠩᠭ᠎ᠠ ᠣᠷᠴᠢᠮ ᠮᠠᠯᠴᠢᠨ ᠡᠷᠦᠬᠡ ᠶᠢᠨ 61.8 ᠰᠠᠶ᠎ᠠ ᠣᠷᠴᠢᠮ ᠲᠣᠯᠣᠭᠠᠢ ᠮᠠᠯ ᠡᠪᠦᠯᠵᠢᠵᠦ᠂ ᠬᠠᠪᠤᠷᠵᠢᠬᠤ ᠪᠠᠷ ᠪᠠᠢᠨ᠎ᠠ᠃
ᠮᠠᠯ᠂ ᠮᠢᠬ᠎ᠠ ᠪᠡᠯᠡᠳᠬᠡᠯ ᠦᠨ ᠬᠦᠷᠢᠶᠡᠨ ᠳᠦ 10.5 ᠰᠠᠶ᠎ᠠ ᠲᠣᠯᠣᠭᠠᠢ ᠮᠠᠯ ᠢ ᠡᠳ᠋ ᠦᠨ ᠵᠠᠰᠠᠭ ᠤᠨ ᠡᠷᠭᠢᠯᠲᠡ ᠳᠦ ᠤᠷᠤᠭᠤᠯᠬᠤ ᠲᠥᠯᠥᠪ ᠲᠡᠢ ᠪᠠᠢᠨ᠎ᠠ᠃ ᠨᠡᠢᠲᠡ ᠡᠷᠭᠢᠯᠲᠡ ᠳᠦ ᠤᠷᠤᠭᠤᠯᠬᠤ ᠮᠠᠯ ᠤᠨ 67 ᠣᠷᠴᠢᠮ ᠬᠤᠪᠢ ᠶᠢ ᠠᠷᠤᠬᠠᠩᠭᠠᠢ᠂ ᠪᠠᠶᠠᠨᠬᠣᠩᠭᠣᠷ᠂ ᠪᠤᠯᠠᠭᠠᠨ᠂ ᠳᠤᠮᠳᠠᠭᠤᠪᠢ᠂ ᠥᠪᠦᠷᠬᠠᠩᠭᠠᠢ᠂ ᠰᠦᠬᠡᠪᠠᠭᠠᠲᠤᠷ᠂ ᠲᠥᠪ᠂ ᠬᠥᠪᠰᠥᠭᠥᠯ᠂ ᠬᠡᠨᠲᠡᠢ ᠠᠢᠮᠠᠭ ᠤᠳ ᠪᠦᠷᠢᠳᠦᠭᠦᠯᠵᠦ ᠪᠠᠢᠨ᠎ᠠ᠃



