ᠮᠣᠩᠭᠣᠯ ᠬᠡᠯᠡᠨ ᠦ ᠰᠣᠷᠢᠯ ᠢᠶᠠᠨ 40 ᠡᠴᠡ ᠳᠣᠭᠣᠭᠰᠢ ᠬᠤᠪᠢ ᠶᠢᠨ ᠭᠦᠢᠴᠡᠳᠬᠡᠯ ᠲᠡᠢ ᠥᠭᠴᠡᠢ | News.MN

ᠮᠣᠩᠭᠣᠯ ᠬᠡᠯᠡᠨ ᠦ ᠰᠣᠷᠢᠯ ᠢᠶᠠᠨ 40 ᠡᠴᠡ ᠳᠣᠭᠣᠭᠰᠢ ᠬᠤᠪᠢ ᠶᠢᠨ ᠭᠦᠢᠴᠡᠳᠬᠡᠯ ᠲᠡᠢ ᠥᠭᠴᠡᠢ

ᠪᠠᠶᠠᠨ-ᠥᠯᠥᠭᠡᠢ ᠠᠢᠮᠠᠭ ᠤᠨ ᠪᠠᠭᠰᠢ ᠰᠣᠷᠢᠯ ᠳᠤ ᠠᠢᠮᠠᠭ ᠤᠨ ᠲᠥᠪ᠂ ᠰᠤᠮᠤ᠂ ᠪᠠᠭ ᠠᠴᠠ 905 ᠣᠷᠣᠯᠴᠠᠭᠴᠢ ᠰᠢᠯᠭᠠᠯᠲᠠ ᠳᠤ ᠬᠠᠮᠤᠷᠤᠭᠳᠠᠪᠠ᠃ ᠭᠦᠢᠴᠡᠳᠬᠡᠯ ᠦᠨ ᠳᠤᠮᠳᠠᠴᠢ 36.3 ᠬᠤᠪᠢ ᠪᠠᠢᠨ᠎ᠠ᠃ ᠨᠡᠢᠲᠡ ᠣᠷᠣᠯᠴᠠᠭᠴᠢᠳ ᠤᠨ 57 ᠬᠤᠪᠢ ᠨᠢ 40 ᠡᠴᠡ ᠳᠣᠭᠣᠭᠰᠢ᠂ 2.4 ᠬᠤᠪᠢ ᠨᠢ 80 ᠠᠴᠠ ᠳᠡᠭᠡᠭᠰᠢ ᠬᠤᠪᠢ ᠶᠢᠨ ᠭᠦᠢᠴᠡᠳᠬᠡᠯ ᠲᠡᠢ ᠭᠠᠷᠴᠠᠢ᠃ ᠡᠨᠡ ᠨᠢ 21 ᠪᠠᠭᠰᠢ 80 ᠠᠴᠠ ᠳᠡᠭᠡᠭᠰᠢ ᠠᠪᠤᠭᠰᠠᠨ ᠭᠡᠰᠡᠨ ᠦᠭᠡ ᠶᠤᠮ᠃

ᠲᠣᠳᠣᠷᠠᠭᠤᠯᠪᠠᠯ᠂ ᠪᠠᠭ᠎ᠠ ᠠᠩᠬᠢ ᠶᠢᠨ ᠪᠠᠭᠰᠢ ᠨᠠᠷ ᠤᠨ 70 ᠬᠤᠪᠢ ᠨᠢ 40 ᠡᠴᠡ ᠳᠣᠭᠣᠭᠰᠢ ᠬᠤᠪᠢ ᠶᠢᠨ ᠭᠦᠢᠴᠡᠳᠬᠡᠯ ᠲᠡᠢ ᠪᠠᠢᠭ᠎ᠠ ᠨᠢ ᠬᠠᠮᠤᠭ ᠤᠨ ᠠᠩᠬᠠᠷᠤᠯ ᠲᠠᠲᠠᠬᠤ ᠦᠷ᠎ᠡ ᠳ᠋ᠦᠩ ᠪᠠᠢᠨ᠎ᠠ᠃ ᠬᠠᠷᠢᠨ ᠮᠣᠩᠭᠣᠯ ᠬᠡᠯᠡ ᠪᠢᠴᠢᠭ᠂ ᠤᠷᠠᠨ ᠵᠣᠬᠢᠶᠠᠯ ᠤᠨ ᠪᠠᠭᠰᠢ ᠨᠠᠷ᠂ ᠰᠤᠷᠭᠠᠯᠲᠠ ᠶᠢᠨ ᠪᠠᠢᠭᠤᠯᠤᠯᠭ᠎ᠠ ᠶᠢᠨ ᠤᠳᠤᠷᠢᠳᠤᠯᠭ᠎ᠠ ᠨᠤᠭᠤᠳ ᠤᠨ 30 ᠬᠤᠪᠢ ᠨᠢ ᠳᠤᠮᠳᠠ ᠦᠨᠡᠯᠡᠭᠡ ᠠᠪᠴᠠᠢ᠃

ᠰᠣᠷᠢᠯ ᠳᠤ ᠪᠠᠶᠠᠨ-ᠥᠯᠥᠭᠡᠢ ᠠᠢᠮᠠᠭ ᠤᠨ ᠪᠠᠭᠰᠢ ᠨᠠᠷ ᠤᠨ ᠪᠢᠴᠢᠭ ᠦᠨ ᠰᠤᠶᠤᠯ᠂ ᠬᠡᠷᠡᠭᠯᠡᠭᠡ ᠬᠠᠮᠤᠭ ᠤᠨ ᠥᠨᠳᠥᠷ ᠪᠤᠶᠤ 77.4 ᠬᠤᠪᠢ ᠬᠠᠷᠢᠨ ᠮᠣᠩᠭᠣᠯ ᠪᠢᠴᠢᠭ ᠢᠶᠡᠷ ᠤᠩᠰᠢᠬᠤ᠂ ᠰᠠᠨᠠᠭ᠎ᠠ ᠪᠠᠨ ᠲᠣᠪᠴᠢ ᠢᠯᠡᠷᠬᠡᠢᠢᠯᠡᠬᠦ᠂ ᠡᠰᠢᠯᠡᠯ ᠪᠠᠷᠢᠮᠲᠠ ᠰᠣᠩᠭᠣᠨ ᠬᠡᠷᠡᠭᠯᠡᠬᠦ ᠴᠢᠳᠠᠪᠤᠷᠢ ᠨᠤᠭᠤᠳ ᠬᠠᠮᠤᠭ ᠤᠨ ᠰᠤᠯᠠ ᠪᠠᠢᠨ᠎ᠠ᠃ ᠪᠠᠭ᠎ᠠ ᠠᠩᠬᠢ ᠶᠢᠨ ᠪᠠᠭᠰᠢ ᠨᠠᠷ ᠤᠨ 19.4 ᠬᠤᠪᠢ ᠨᠢ ᠧᠰᠰᠧ ᠪᠢᠴᠢᠬᠦ ᠴᠢᠳᠠᠪᠤᠷᠢ ᠰᠤᠯᠠ᠂ ᠣᠭᠲᠣ ᠪᠢᠴᠢᠵᠦ ᠴᠢᠳᠠᠬᠤ ᠦᠭᠡᠢ ᠪᠠᠢᠨ᠎ᠠ᠃

ᠰᠡᠳᠬᠢᠭᠳᠡᠯ ᠦᠯᠡᠳᠡᠭᠡᠬᠦ