ᠭᠠᠵᠠᠷ ᠤᠨ ᠲᠣᠰᠣᠨ ᠤ ᠡᠷᠢᠯ ᠢ 15 ᠪᠠᠢᠷᠢᠰᠢᠯ ᠳᠤ ᠬᠢᠵᠦ ᠪᠠᠢᠨ᠎ᠠ | News.MN

ᠭᠠᠵᠠᠷ ᠤᠨ ᠲᠣᠰᠣᠨ ᠤ ᠡᠷᠢᠯ ᠢ 15 ᠪᠠᠢᠷᠢᠰᠢᠯ ᠳᠤ ᠬᠢᠵᠦ ᠪᠠᠢᠨ᠎ᠠ

ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠶᠢ 2028 ᠣᠨ ᠳᠤ ᠠᠰᠢᠭᠯᠠᠯᠲᠠ ᠳᠤ ᠣᠷᠣᠭᠤᠯᠵᠤ᠂ ᠳᠣᠲᠣᠭᠠᠳᠤ ᠶᠢᠨ ᠲᠦᠯᠡᠰᠢ᠂ ᠰᠢᠲᠠᠬᠤᠨ ᠤ ᠬᠡᠷᠡᠭᠯᠡᠭᠡᠨ ᠦ 50 ᠬᠤᠪᠢ ᠶᠢ ᠬᠠᠩᠭᠠᠨ᠎ᠠ᠃  ᠲᠦᠭᠦᠬᠡᠢ ᠲᠣᠰᠣᠨ ᠤ ᠡᠷᠢᠯ ᠬᠠᠢᠭᠤᠯ ᠤᠨ ᠠᠵᠢᠯ 15 ᠪᠠᠢᠷᠢᠰᠢᠯ ᠳᠤ ᠶᠠᠪᠤᠭᠳᠠᠵᠤ ᠪᠠᠢᠨ᠎ᠠ ᠭᠡᠵᠦ ᠶᠡᠷᠦᠩᠬᠡᠢ ᠰᠠᠢᠳ ᠨ ∙ ᠤᠴᠠᠷᠠᠯ ᠢᠷᠭᠡᠳ ᠲᠡᠢ ᠠᠭᠤᠯᠵᠠᠬᠤ ᠦᠶ᠎ᠡ ᠪᠡᠷ ᠮᠡᠳᠡᠭᠳᠡᠪᠡ᠃ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠵᠢᠯ ᠳᠦ 1.5 ᠰᠠᠶ᠎ᠠ ᠲᠣᠨ ᠲᠦᠭᠦᠬᠡᠢ ᠲᠣᠰᠣ ᠪᠣᠯᠪᠠᠰᠤᠷᠠᠭᠤᠯᠬᠤ ᠬᠦᠴᠦᠨ ᠴᠢᠳᠠᠯ ᠲᠠᠢ᠃ ᠲᠦᠭᠦᠬᠡᠢ ᠲᠣᠰᠣ ᠪᠠᠨ ᠮᠠᠨ ᠤ ᠤᠯᠤᠰ ᠲᠤ ᠭᠠᠵᠠᠷ ᠤᠨ ᠲᠣᠰᠣ ᠣᠯᠪᠤᠷᠢᠯᠠᠵᠤ ᠪᠤᠢ ᠬᠢᠲᠠᠳ  ᠤᠨ ᠺᠣᠮᠫᠠᠨᠢ ᠠᠴᠠ ᠠᠪᠬᠤ ᠪᠠᠷ ᠲᠣᠭᠠᠴᠠᠭᠠᠯᠠᠵᠠᠢ᠃

ᠬᠢᠲᠠᠳ  ᠤᠨ ᠲᠥᠷᠥ ᠶᠢᠨ ᠥᠮᠴᠢᠲᠤ《ᠫᠧᠲᠷᠤ᠋ ᠴᠠᠢᠨᠠ ᠳ᠋ᠠᠴᠢᠩ ᠲᠠᠮᠰᠤᠭ》ᠺᠣᠮᠫᠠᠨᠢ ᠣᠯᠪᠤᠷᠢᠯᠠᠯᠲᠠ ᠪᠠᠨ ᠪᠠᠭᠤᠷᠠᠭᠤᠯᠤᠭᠰᠠᠭᠠᠷ ᠪᠠᠢᠭ᠎ᠠ  ᠪᠣᠯᠪᠠᠴᠤ ᠲᠤᠰ ᠺᠣᠮᠫᠠᠨᠢ ᠶᠢᠨ ᠤᠳᠤᠷᠢᠳᠤᠯᠭ᠎ᠠ ᠴᠢᠨᠠᠭᠰᠢᠳᠠ ᠮᠣᠩᠭᠣᠯ ᠤᠯᠤᠰ ᠲᠤ ᠬᠡᠷᠡᠭᠵᠢᠭᠦᠯᠵᠦ ᠪᠤᠢ ᠦᠢᠯᠡ ᠠᠵᠢᠯᠯᠠᠭ᠎ᠠ ᠪᠠᠨ ᠥᠷᠭᠡᠵᠢᠭᠦᠯᠵᠦ᠂ ᠬᠠᠮᠲᠤ ᠶᠢᠨ ᠠᠵᠢᠯᠯᠠᠭ᠎ᠠ ᠪᠠᠨ ᠰᠢᠨ᠎ᠡ ᠱᠠᠲᠤᠨ ᠳᠤ ᠭᠠᠷᠭᠠᠬᠤ ᠰᠣᠨᠢᠷᠬᠠᠯ ᠲᠠᠢ ᠪᠠᠢᠭ᠎ᠠ ᠪᠠᠨ ᠥᠩᠭᠡᠷᠡᠭᠰᠡᠨ ᠨᠠᠢᠮᠠᠳᠤᠭᠠᠷ ᠰᠠᠷ᠎ᠠ ᠳᠤ ᠶᠡᠷᠦᠩᠬᠡᠢ ᠰᠠᠢᠳ ᠨ ∙ ᠤᠴᠠᠷᠠᠯ ᠲᠠᠢ ᠠᠭᠤᠯᠵᠠᠬᠤ ᠦᠶ᠎ᠡ ᠪᠡᠷ ᠢᠯᠡᠷᠬᠡᠢᠢᠯᠡᠭ᠍ᠰᠡᠨ ᠪᠠᠢᠨ᠎ᠠ᠃

ᠰᠡᠳᠬᠢᠭᠳᠡᠯ ᠦᠯᠡᠳᠡᠭᠡᠬᠦ