ᠮᠣᠩᠭᠣᠯ ᠤᠯᠤᠰ ᠤᠨ ᠶᠡᠷᠦᠩᠬᠡᠢᠢᠯᠡᠭ᠍ᠴᠢ ᠬᠦᠷᠡᠯᠰᠦ᠋ᠬᠡ ᠭᠧᠷᠮᠡᠨ ᠦ ᠰᠠᠺᠰᠣᠨ ᠮᠤᠵᠢ ᠤᠯᠤᠰ ᠲᠤ ᠠᠢᠯᠴᠢᠯᠠᠬᠤ ᠦᠶ᠎ᠡ ᠪᠡᠷ ᠢᠶᠡᠨ ᠯᠠᠢᠫᠼᠢᠭ ᠤᠨ ᠶᠡᠬᠡ ᠰᠤᠷᠭᠠᠭᠤᠯᠢ ᠶᠢᠨ ᠡᠨᠡᠳᠬᠡᠭ᠂ ᠲᠥᠪ ᠠᠽᠢᠶ᠎ᠠ ᠰᠤᠳᠤᠯᠤᠯ ᠤᠨ ᠰᠤᠷᠭᠠᠭᠤᠯᠢ ᠶᠢᠨ ᠪᠠᠢᠷᠢᠨ ᠳᠤ ᠵᠣᠴᠢᠯᠠᠵᠤ᠂ ᠮᠣᠩᠭᠣᠯ ᠤᠨ ᠣᠷᠴᠢᠨ ᠦᠶ᠎ᠡ ᠶᠢᠨ ᠤᠷᠠᠨ ᠵᠣᠬᠢᠶᠠᠯ ᠢ ᠦᠨᠳᠦᠰᠦᠯᠡᠭᠴᠢ᠂ ᠶᠡᠬᠡ ᠵᠣᠬᠢᠶᠠᠯᠴᠢ ᠳᠠᠰᠢᠳᠣᠷᠵᠢ ᠶᠢᠨ ᠨᠠᠴᠤᠭᠳᠣᠷᠵᠢ᠂ ᠭᠧᠷᠮᠠᠨ ᠤ ᠨᠡᠷᠡᠲᠦ ᠬᠢᠲᠠᠳ ᠰᠤᠳᠤᠯᠤᠭᠠᠴᠢ᠂ ᠮᠣᠩᠭᠣᠯᠴᠢ ᠡᠷᠳᠡᠮᠲᠡᠨ᠂ ᠫᠷᠣᠹᠧᠰᠰᠣᠷ ᠡᠷᠢᠾ ᠾᠧᠨᠢᠱᠢ ᠳᠦ ᠵᠣᠷᠢᠭᠤᠯᠤᠭᠰᠠᠨ ᠳᠤᠷᠠᠰᠬᠠᠯ ᠤᠨ ᠰᠠᠮᠪᠠᠷ᠎ᠠ᠂ ᠨᠠᠴᠤᠭᠳᠣᠷᠵᠢ ᠶᠢᠨ ᠮᠡᠨᠳᠦᠯᠡᠭᠰᠡᠨ ᠦ 120 ᠵᠢᠯ ᠦᠨ ᠣᠢ ᠳᠤ ᠵᠣᠷᠢᠭᠤᠯᠤᠭᠰᠠᠨ ᠰᠢᠤᠳᠠᠨ ᠤ ᠮᠠᠷᠺ ᠤᠨ ᠨᠡᠭᠡᠭᠡᠯᠲᠡ ᠶᠢᠨ ᠶᠣᠰᠣᠯᠠᠯ ᠳᠤ ᠣᠷᠣᠯᠴᠠᠯ᠎ᠠ᠃
ᠲᠡᠷᠡ ᠨᠡᠭᠡᠭᠡᠯᠲᠡ ᠶᠢᠨ ᠦᠶ᠎ᠡ ᠪᠡᠷ ᠬᠡᠯᠡᠭᠰᠡᠨ ᠦᠭᠡᠨ ᠳᠦ ᠪᠡᠨ᠂ ᠡᠨᠡ ᠬᠦ ᠳᠤᠷᠠᠰᠬᠠᠯᠲᠤ ᠪᠦᠲᠦᠭᠡᠯ ᠨᠢ ᠬᠣᠶᠠᠷ ᠰᠤᠤᠲᠤ ᠬᠦᠮᠦᠨ ᠦ ᠨᠡᠷ᠎ᠡ ᠠᠯᠳᠠᠷ᠂ ᠡᠷᠳᠡᠮ ᠪᠦᠲᠦᠭᠡᠯ᠂ ᠭᠠᠪᠢᠶ᠎ᠠ ᠵᠢᠳᠬᠦᠯ ᠢ ᠬᠦᠨᠳᠦᠳᠬᠡᠨ ᠮᠥᠩᠬᠡᠵᠢᠭᠦᠯᠬᠦ ᠶᠢᠨ ᠵᠡᠷᠭᠡᠴᠡᠭᠡ ᠮᠣᠩᠭᠣᠯ᠂ ᠭᠧᠷᠮᠠᠨ ᠤ ᠠᠷᠠᠳ ᠲᠦᠮᠡᠨ ᠦ ᠡᠷᠳᠡᠮ ᠮᠡᠳᠡᠯᠭᠡ᠂ ᠣᠶᠤᠨ ᠰᠠᠨᠠᠭ᠎ᠠ᠂ ᠬᠠᠷᠢᠯᠴᠠᠨ ᠬᠦᠨᠳᠦᠳᠬᠡᠯ ᠢᠶᠡᠷ ᠬᠣᠯᠪᠣᠭᠳᠠᠭᠰᠠᠨ ᠨᠢᠭᠡᠨ ᠵᠠᠭᠤᠨ ᠤ ᠲᠡᠦᠬᠡᠨ ᠬᠡᠯᠬᠢᠶ᠎ᠡ ᠬᠣᠯᠪᠣᠭᠠᠨ ᠤ ᠪᠡᠯᠭᠡ ᠲᠡᠮᠳᠡᠭ ᠪᠣᠯᠬᠤ ᠶᠢ ᠣᠨᠴᠠᠯᠠᠯ᠎ᠠ᠃ ᠣᠳᠣ ᠠᠴᠠ ᠨᠢᠭᠡᠨ ᠵᠠᠭᠤᠨ ᠤ ᠲᠡᠷᠲᠡᠭᠡ ᠡᠷᠳᠡᠮ ᠪᠣᠯᠪᠠᠰᠤᠷᠠᠯ ᠡᠵᠡᠮᠰᠢᠬᠦ ᠪᠡᠷ ᠭᠧᠷᠮᠠᠨ ᠣᠷᠣᠨ ᠢ ᠵᠣᠷᠢᠭᠰᠠᠨ ᠮᠣᠩᠭᠣᠯ ᠵᠠᠯᠠᠭᠤᠰ ᠤᠨ ᠨᠢᠭᠡ ᠨᠢ ᠮᠣᠩᠭᠣᠯ ᠤᠨ ᠣᠷᠴᠢᠨ ᠦᠶ᠎ᠡ ᠶᠢᠨ ᠤᠳᠬ᠎ᠠ ᠵᠣᠬᠢᠶᠠᠯ ᠤᠨ ᠰᠠᠭᠤᠷᠢ ᠶᠢ ᠲᠠᠯᠪᠢᠭᠰᠠᠨ ᠶᠡᠬᠡ ᠵᠣᠬᠢᠶᠠᠯᠴᠢ ᠳᠠᠰᠢᠳᠣᠷᠵᠢ ᠶᠢᠨ ᠨᠠᠴᠤᠭᠳᠣᠷᠵᠢ ᠪᠠᠢᠪᠠ᠃ ᠲᠡᠭᠦᠨ ᠦ ᠭᠧᠷᠮᠠᠨ ᠤᠯᠤᠰ ᠲᠤ᠂ ᠲᠡᠷᠡ ᠳᠤᠮᠳᠠ ᠪᠠᠨ ᠯᠠᠢᠫᠼᠢᠭ ᠬᠣᠲᠠ ᠳᠦ ᠥᠩᠭᠡᠷᠡᠭᠦᠯᠦᠭᠰᠡᠨ ᠣᠨ ᠵᠢᠯ ᠦᠳ ᠨᠢ ᠲᠡᠭᠦᠨ ᠦ ᠶᠢᠷᠲᠢᠨᠴᠦ ᠶᠢ ᠦᠵᠡᠬᠦ ᠦᠵᠡᠯ᠂ ᠣᠶᠤᠨ ᠤ ᠲᠥᠯᠦᠪᠰᠢᠯ᠂ ᠤᠷᠠᠨ ᠪᠦᠲᠦᠭᠡᠯ ᠦᠨ ᠰᠡᠳᠬᠢᠯᠭᠡᠨ ᠳᠦ ᠭᠦᠨ ᠭᠦᠨᠵᠡᠭᠡᠢ ᠨᠥᠯᠦᠭᠡᠯᠡᠭᠰᠡᠨ ᠴᠢᠬᠤᠯᠠ ᠦᠶ᠎ᠡ ᠪᠠᠢᠭᠰᠠᠨ᠃ ᠴᠤᠬᠤᠮ ᠡᠨᠡ ᠴᠠᠭ ᠦᠶ᠎ᠡ ᠳᠦ ᠯᠠᠢᠫᠼᠢᠭ ᠤᠨ ᠶᠡᠬᠡ ᠰᠤᠷᠭᠠᠭᠤᠯᠢ ᠳᠤ ᠠᠵᠢᠯᠯᠠᠵᠤ ᠪᠠᠢᠭᠰᠠᠨ ᠨᠡᠷᠡᠲᠦ ᠡᠷᠳᠡᠮᠲᠡᠨ ᠡᠷᠢᠾ ᠾᠧᠨᠢᠱᠢ ᠮᠣᠩᠭᠣᠯ ᠤᠨ ᠲᠡᠦᠬᠡ᠂ ᠬᠡᠯᠡ᠂ ᠰᠤᠶᠤᠯ ᠢ ᠰᠤᠳᠤᠯᠬᠤ ᠦᠢᠯᠡᠰ ᠲᠦ ᠵᠢᠩ ᠲᠡᠢ ᠬᠤᠪᠢ ᠨᠡᠮᠡᠷᠢ ᠣᠷᠣᠭᠤᠯᠵᠤ᠂ ᠭᠧᠷᠮᠠᠨ ᠤ ᠮᠣᠩᠭᠣᠯ ᠰᠤᠳᠤᠯᠤᠯ ᠤᠨ ᠬᠥᠭᠵᠢᠯ ᠳᠦ ᠠᠩᠬᠠᠳᠠᠭᠴᠢ ᠪᠣᠯᠤᠨ ᠲᠣᠳᠣ ᠮᠥᠷ ᠢᠶᠡᠨ ᠦᠯᠡᠳᠡᠭᠡᠵᠡᠢ᠃
ᠮᠣᠩᠭᠣᠯ ᠤᠨ ᠵᠠᠯᠠᠭᠤ ᠰᠡᠬᠡᠭᠡᠲᠡᠨ ᠨᠠᠴᠤᠭᠳᠣᠷᠵᠢ᠂ ᠭᠧᠷᠮᠠᠨ ᠤ ᠮᠣᠩᠭᠣᠯᠴᠢ ᠡᠷᠳᠡᠮᠲᠡᠨ ᠡᠷᠢᠾ ᠾᠧᠨᠢᠱᠢ ᠶᠢᠨ ᠡᠷᠳᠡᠮ ᠦᠨ ᠶᠡᠬᠡ ᠥᠷᠭᠦᠭᠡᠨ ᠳᠦ ᠲᠣᠭᠲᠠᠭᠠᠭᠰᠠᠨ ᠪᠠᠭᠰᠢ ᠱᠠᠪᠢ ᠶᠢᠨ ᠪᠠᠷᠢᠯᠳᠤᠯᠭ᠎ᠠ ᠨᠢ ᠬᠣᠶᠠᠷ ᠣᠷᠣᠨ ᠤ ᠬᠠᠷᠢᠯᠴᠠᠭᠠᠨ ᠤ ᠲᠡᠦᠬᠡᠨ ᠳᠦ ᠣᠨᠴᠠᠭᠠᠢ ᠪᠠᠢᠷᠢ ᠰᠠᠭᠤᠷᠢ ᠶᠢ ᠡᠵᠡᠯᠡᠳᠡᠭ ᠶᠤᠮ᠃ ᠣᠳᠣ ᠠᠴᠠ ᠵᠠᠭᠤᠨ ᠵᠢᠯ ᠦᠨ ᠲᠡᠷᠲᠡᠭᠡ ᠮᠣᠩᠭᠣᠯ ᠵᠠᠯᠠᠭᠤᠰ ᠭᠧᠷᠮᠠᠨ ᠣᠷᠣᠨ ᠢ ᠵᠣᠷᠢᠵᠤ᠂ ᠡᠷᠳᠡᠮ ᠮᠡᠳᠡᠯᠭᠡ ᠡᠪᠦᠷᠯᠡᠨ ᠡᠬᠡ ᠣᠷᠣᠨ ᠳᠤ ᠪᠠᠨ ᠪᠤᠴᠠᠵᠤ ᠪᠠᠢᠭᠰᠠᠨ ᠪᠣᠯ ᠡᠳᠦᠭᠡ ᠴᠤ ᠡᠨᠡ ᠬᠦ ᠲᠡᠦᠬᠡᠨ ᠤᠯᠠᠮᠵᠢᠯᠠᠯ ᠦᠷᠭᠦᠯᠵᠢᠯᠡᠨ ᠪᠡᠬᠢᠵᠢᠵᠦ᠂ ᠮᠣᠩᠭᠣᠯ ᠣᠶᠤᠲᠠᠨ ᠵᠠᠯᠠᠭᠤᠰ ᠡᠷᠳᠡᠮ ᠮᠡᠳᠡᠯᠭᠡ ᠳᠦ ᠰᠢᠮᠳᠠᠨ ᠰᠤᠷᠤᠯᠴᠠᠵᠤ᠂ ᠬᠣᠶᠠᠷ ᠣᠷᠣᠨ ᠤ ᠡᠷᠳᠡᠮᠲᠡᠨ ᠰᠤᠳᠤᠯᠤᠭᠠᠴᠢᠳ ᠬᠠᠮᠲᠤᠷᠠᠭᠰᠠᠨ ᠰᠤᠳᠤᠯᠭ᠎ᠠ᠂ ᠲᠥᠰᠥᠯ᠂ ᠬᠥᠲᠥᠯᠪᠦᠷᠢ ᠠᠮᠵᠢᠯᠲᠠ ᠲᠠᠢ ᠬᠡᠷᠡᠭᠵᠢᠭᠦᠯᠦᠭᠰᠡᠭᠡᠷ ᠪᠠᠢᠭ᠎ᠠ ᠶᠢ ᠶᠡᠷᠦᠩᠬᠡᠢᠢᠯᠡᠭ᠍ᠴᠢ ᠤ᠊ ∙ ᠬᠦᠷᠡᠯᠰᠦ᠋ᠬᠡ ᠲᠡᠮᠳᠡᠭᠯᠡᠪᠡ᠃



