ᠶᠠᠫᠣᠨ ᠤ ᠡᠯᠴᠢᠨ ᠰᠠᠢᠳ ᠤᠨ ᠶᠠᠮᠤᠨ ᠬᠠᠷᠠᠮᠰᠠᠯ ᠢᠯᠡᠷᠬᠡᠢᠢᠯᠡᠵᠡᠢ | News.MN

ᠶᠠᠫᠣᠨ ᠤ ᠡᠯᠴᠢᠨ ᠰᠠᠢᠳ ᠤᠨ ᠶᠠᠮᠤᠨ ᠬᠠᠷᠠᠮᠰᠠᠯ ᠢᠯᠡᠷᠬᠡᠢᠢᠯᠡᠵᠡᠢ

ᠮᠣᠩᠭᠣᠯ ᠤᠯᠤᠰ ᠲᠤ ᠰᠠᠭᠤᠭ᠎ᠠ ᠶᠠᠫᠣᠨ ᠤᠯᠤᠰ ᠤᠨ ᠡᠯᠴᠢᠨ ᠰᠠᠢᠳ ᠤᠨ ᠶᠠᠮᠤᠨ ᠠᠴᠠ ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠲᠤ ᠬᠡᠭᠡᠷ᠎ᠡ ᠶᠢᠨ ᠲᠦᠢᠮᠡᠷ ᠭᠠᠷᠤᠭᠰᠠᠨ ᠲᠠᠢ ᠬᠣᠯᠪᠣᠭᠳᠠᠭᠤᠯᠤᠨ ᠬᠠᠷᠠᠮᠰᠠᠯ ᠢᠯᠡᠷᠬᠡᠢᠢᠯᠡᠵᠡᠢ᠃

ᠲᠣᠳᠣᠷᠠᠭᠤᠯᠪᠠᠯ᠂ ᠳᠤᠷᠤᠨᠠᠳᠤ ᠠᠢᠮᠠᠭ ᠤᠨ ᠬᠠᠯᠬ᠎ᠠ ᠭᠣᠣᠯ ᠰᠤᠮᠤ ᠶᠢᠨ ᠨᠤᠲᠤᠭ ᠳᠠᠬᠢ ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠲᠤ 《ᠮᠣᠪᠢᠺᠣᠮ 》ᠺᠣᠷᠫᠣᠷᠠᠼ ᠦᠨ ᠲᠡᠭᠡᠭᠡᠪᠦᠷᠢ ᠶᠢᠨ ᠬᠡᠷᠡᠭᠰᠡᠯ ᠡᠴᠡ ᠡᠭᠦᠳᠦᠭᠰᠡᠨ ᠬᠡᠭᠡᠷ᠎ᠡ ᠶᠢᠨ ᠲᠦᠢᠮᠡᠷ ᠨᠣᠴᠢᠲᠠᠢ ᠬᠣᠬᠢᠷᠠᠯ ᠤᠴᠠᠷᠠᠭᠤᠯᠤᠭᠰᠠᠨ ᠠᠰᠠᠭᠤᠳᠠᠯ ᠳᠤ ᠠᠩᠬᠠᠷᠤᠯ ᠢᠶᠠᠨ ᠬᠠᠨᠳᠤᠭᠤᠯᠵᠤ ᠪᠠᠢᠭ᠎ᠠ ᠪᠥᠭᠡᠳ ᠡᠭᠦᠨ ᠳᠦ ᠲᠤᠢᠯ ᠤᠨ ᠶᠡᠬᠡ ᠪᠡᠷ ᠰᠠᠨᠠᠭ᠎ᠠ ᠵᠣᠪᠠᠨᠢᠵᠤ ᠪᠠᠢᠨ᠎ᠠ᠃ ᠡᠭᠦᠨ ᠲᠡᠢ ᠬᠣᠯᠪᠣᠭᠳᠠᠭᠤᠯᠤᠨ ᠮᠣᠩᠭᠣᠯ ᠤᠨ ᠠᠷᠠᠳ ᠲᠦᠮᠡᠨ ᠳᠦ ᠭᠦᠨ᠎ᠡ ᠬᠠᠷᠠᠮᠰᠠᠵᠤ ᠪᠤᠢ ᠪᠠᠨ ᠢᠯᠡᠷᠬᠡᠢᠢᠯᠡᠶ᠎ᠡ᠃

ᠡᠨᠡ ᠬᠦ ᠬᠡᠭᠡᠷ᠎ᠡ ᠶᠢᠨ ᠲᠦᠢᠮᠡᠷ ᠲᠡᠢ ᠬᠣᠯᠪᠣᠭ᠎ᠠ ᠲᠠᠢ ᠬᠢᠭᠳᠡᠵᠦ ᠪᠤᠢ ᠰᠢᠯᠭᠠᠯᠲᠠ ᠵᠡᠷᠭᠡ ᠨᠢ ᠪᠣᠳᠠᠲᠤ ᠪᠠᠷᠢᠮᠲᠠ ᠪᠣᠯᠤᠨ ᠬᠠᠤᠯᠢ ᠲᠣᠭᠲᠠᠭᠠᠮᠵᠢ ᠳᠤ ᠦᠨᠳᠦᠰᠦᠯᠡᠨ ᠵᠣᠬᠢᠬᠤ ᠶᠣᠰᠣᠨ ᠤ ᠳᠠᠭᠠᠤ ᠶᠠᠪᠤᠭᠳᠠᠨ᠎ᠠ ᠭᠡᠳᠡᠭ ᠲᠦ ᠢᠲᠡᠭᠡᠵᠦ ᠪᠠᠢᠨ᠎ᠠ᠃ ᠬᠣᠬᠢᠷᠠᠯ ᠠᠮᠰᠠᠭᠰᠠᠨ ᠪᠥᠰᠡ ᠨᠤᠲᠤᠭ ᠠᠯᠢ ᠪᠣᠯᠬᠤ ᠬᠤᠷᠳᠤᠨ ᠨᠥᠬᠥᠨ ᠰᠡᠷᠭᠦᠬᠦ ᠶᠢ ᠴᠢᠨ ᠰᠡᠳᠬᠢᠯ ᠡᠴᠡ ᠪᠡᠨ ᠬᠦᠰᠡᠬᠦ ᠶᠢᠨ ᠵᠡᠷᠭᠡᠴᠡᠭᠡ ᠡᠭᠦᠨ ᠦ ᠲᠥᠯᠦᠭᠡᠬᠢ ᠠᠷᠭ᠎ᠠ ᠵᠠᠮ ᠢ《ᠮᠣᠪᠢᠺᠣᠮ》 ᠺᠣᠷᠫᠣᠷᠠᠼ  ᠲᠠᠢ ᠬᠠᠮᠲᠤ ᠢᠳᠡᠪᠬᠢᠲᠡᠢ ᠡᠷᠢᠯᠬᠢᠯᠡᠬᠦ ᠪᠣᠯᠤᠨ᠎ᠠ ᠭᠡᠵᠡᠢ᠃

ᠰᠡᠳᠬᠢᠭᠳᠡᠯ ᠦᠯᠡᠳᠡᠭᠡᠬᠦ