ᠶᠠᠫᠣᠨ ᠤᠯᠤᠰ ᠲᠤ ᠪᠣᠯᠵᠤ ᠪᠤᠢ ᠠᠽᠢᠶ᠎ᠠ ᠶᠢᠨ ᠵᠤᠨ ᠤ ᠰᠫᠣᠷᠲ ᠤᠨ ᠫᠠᠷᠠ ᠨᠠᠭᠠᠳᠤᠮ ᠤᠨ ᠬᠤᠶᠠᠳᠠᠬᠢ ᠡᠳᠦᠷ ᠮᠣᠩᠭᠣᠯ ᠤᠨ ᠪᠠᠭ ᠬᠤᠶᠠᠳᠠᠬᠢ ᠠᠯᠲᠠᠨ ᠮᠧᠳᠠᠯ ᠢᠶᠠᠨ ᠬᠦᠷᠲᠡᠯ᠎ᠡ᠃ ᠡᠮᠡᠭᠲᠡᠢᠴᠦᠳ ᠦᠨ ᠵᠢᠦ᠋ᠳᠤ᠋ ᠶᠢᠨ J1-70 ᠺᠢᠯᠦᠭ᠍ᠷᠡᠮ ᠤᠨ ᠵᠢᠩ ᠳᠦ ᠯ ∙ ᠲᠤᠷᠤᠭᠤᠨᠠ ᠶᠠᠫᠣᠨ ᠤ ᠪᠥᠭᠡ ᠲᠡᠢ ᠪᠠᠷᠢᠯᠳᠤᠵᠤ ᠠᠪᠤᠷᠭᠤ ᠪᠣᠯᠤᠯ᠎ᠠ᠃
ᠥᠴᠥᠭᠡᠳᠦᠷ ᠲᠠᠶᠧᠺᠸᠤᠨᠳᠤ᠋ ᠶᠢᠨ ᠲᠡᠮᠡᠴᠡᠭᠡᠨ ᠠᠴᠠ ᠬᠥᠳᠡᠯᠮᠦᠷᠢ ᠶᠢᠨ ᠪᠠᠭᠠᠲᠤᠷ ᠤ᠊ ∙ ᠰᠦᠷᠦᠩᠵᠡᠪ ᠠᠯᠲᠠᠨ ᠮᠧᠳᠠᠯ ᠬᠦᠷᠲᠡᠭᠰᠡᠨ ᠶᠤᠮ᠃ ᠢᠩᠭᠢᠭᠰᠡᠨ ᠢᠶᠡᠷ ᠮᠣᠩᠭᠣᠯ ᠤᠯᠤᠰ ᠤᠨ ᠪᠠᠭ ᠬᠣᠶᠠᠷ ᠠᠯᠲᠠ᠂ ᠨᠢᠭᠡ ᠮᠥᠩᠭᠥ᠂ ᠨᠢᠭᠡ ᠬᠦᠷᠡᠯ ᠮᠧᠳᠠᠯ ᠲᠠᠢ ᠪᠠᠷ ᠨᠠᠭᠠᠳᠤᠮ ᠢ ᠦᠷᠭᠦᠯᠵᠢᠯᠡᠭᠦᠯᠵᠦ ᠪᠠᠢᠨ᠎ᠠ᠃



