ᠭᠠᠰᠢᠭᠤᠨᠰᠤᠬᠠᠢᠲᠤ᠂ ᠭᠠᠭᠴᠠᠮᠤᠳᠤ ᠪᠣᠭᠣᠮᠲᠠ ᠶᠢᠨ ᠲᠡᠮᠦᠷ ᠵᠠᠮ ᠤᠨ ᠠᠵᠢᠯ 65 ᠬᠤᠪᠢ ᠲᠠᠢ ᠪᠠᠢᠨ᠎ᠠ | News.MN

ᠭᠠᠰᠢᠭᠤᠨᠰᠤᠬᠠᠢᠲᠤ᠂ ᠭᠠᠭᠴᠠᠮᠤᠳᠤ ᠪᠣᠭᠣᠮᠲᠠ ᠶᠢᠨ ᠲᠡᠮᠦᠷ ᠵᠠᠮ ᠤᠨ ᠠᠵᠢᠯ 65 ᠬᠤᠪᠢ ᠲᠠᠢ ᠪᠠᠢᠨ᠎ᠠ

ᠭᠠᠰᠢᠭᠤᠨᠰᠤᠬᠠᠢᠲᠤ᠂ ᠭᠠᠭᠴᠠᠮᠤᠳᠤ ᠪᠣᠭᠣᠮᠲᠠ ᠶᠢᠨ ᠬᠢᠯᠢ ᠳᠠᠮᠨᠠᠭᠰᠠᠨ ᠲᠡᠮᠦᠷ ᠵᠠᠮ  ᠪᠠᠷᠢᠬᠤ ᠠᠵᠢᠯ ᠥᠨᠥᠳᠥᠷ ᠦᠨ ᠪᠠᠢᠳᠠᠯ ᠢᠶᠠᠷ 65  ᠬᠤᠪᠢ ᠶᠢᠨ ᠭᠦᠢᠴᠡᠳᠬᠡᠯ ᠲᠡᠢ᠂ ᠳᠡᠭᠡᠳᠦ ᠪᠦᠲᠦᠴᠡ ᠤᠭᠰᠠᠷᠠᠯᠲᠠ ᠶᠢᠨ ᠠᠵᠢᠯ 25 ᠬᠤᠪᠢ ᠳᠦ ᠬᠥᠷᠥᠭ᠍ᠰᠡᠨ ᠪᠠ ᠤᠷᠲᠤ ᠭᠦᠭᠦᠷᠭᠡ ᠶᠢᠨ ᠠᠵᠢᠯ ᠤᠨ ᠬᠦᠷᠢᠶᠡᠨ ᠳᠦ 760 ᠳᠠᠮ ᠨᠢᠷᠤᠭᠤ ᠶᠢ ᠤᠭᠰᠠᠷᠠᠵᠤ ᠳᠠᠭᠤᠰᠤᠯ᠎ᠠ᠃

ᠡᠨᠡ ᠬᠦ ᠬᠢᠯᠢ ᠳᠠᠮᠨᠠᠭᠰᠠᠨ 19.5 ᠺᠢᠯᠣᠮᠧᠲ᠋ᠷ ᠲᠡᠮᠦᠷ ᠵᠠᠮ ᠨᠢ ᠨᠠᠷᠢᠨ ᠴᠠᠷᠢᠭ ᠤᠨ 10.8 ᠺᠢᠯᠣᠮᠧᠲ᠋ᠷ᠂ ᠥᠷᠭᠡᠨ ᠴᠠᠷᠢᠭ ᠤᠨ 8.7 ᠺᠢᠯᠣᠮᠧᠲ᠋ᠷ ᠬᠣᠣᠰ ᠲᠡᠮᠦᠷ ᠵᠠᠮ ᠲᠠᠢ᠂ 32.6 ᠺᠢᠯᠣᠮᠧᠲ᠋ᠷ ᠳᠡᠯᠭᠡᠮᠡᠯ ᠤᠷᠲᠤ ᠲᠠᠢ᠂ ᠵᠢᠯ ᠳᠦ 30 ᠰᠠᠶ᠎ᠠ ᠲᠣᠨ ᠠᠴᠢᠶ᠎ᠠ ᠲᠡᠭᠡᠭᠡᠪᠦᠷᠢᠯᠡᠬᠦ ᠬᠦᠴᠦᠨ ᠴᠢᠳᠠᠯ ᠲᠠᠢ ᠪᠠᠢᠬᠤ ᠪᠠᠷ ᠲᠥᠯᠥᠪᠯᠡᠭ᠍ᠰᠡᠨ ᠶᠤᠮ᠃

ᠰᠡᠳᠬᠢᠭᠳᠡᠯ ᠦᠯᠡᠳᠡᠭᠡᠬᠦ