ᠮᠣᠩᠭᠣᠯ ᠤᠨ ᠳ᠋ᠠᠷᠲ᠋ᠰᠴᠢᠳ ᠪᠥᠰᠡ ᠶᠢᠨ ᠠᠪᠤᠷᠭᠤ ᠶᠢᠨ ᠴᠣᠮᠣ ᠳᠠᠬᠢᠨ ᠬᠦᠷᠲᠡᠯ᠎ᠡ | News.MN

ᠮᠣᠩᠭᠣᠯ ᠤᠨ ᠳ᠋ᠠᠷᠲ᠋ᠰᠴᠢᠳ ᠪᠥᠰᠡ ᠶᠢᠨ ᠠᠪᠤᠷᠭᠤ ᠶᠢᠨ ᠴᠣᠮᠣ ᠳᠠᠬᠢᠨ ᠬᠦᠷᠲᠡᠯ᠎ᠡ

ᠮᠣᠩᠭᠣᠯ ᠤᠯᠤᠰ ᠲᠤ ᠠᠩᠬ᠎ᠠ ᠤᠳᠠᠭ᠎ᠠ ᠵᠣᠬᠢᠶᠠᠨ ᠪᠠᠢᠭᠤᠯᠤᠭᠰᠠᠨ ᠳ᠋ᠠᠷᠲ᠋ᠰ ᠤᠨ ᠠᠽᠢᠶ᠎ᠠ᠂ ᠨᠣᠮᠣᠬᠠᠨ ᠳᠠᠯᠠᠢ ᠶᠢᠨ ᠪᠥᠰᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠳᠥᠷᠯᠡᠵᠦ᠂ ᠮᠠᠨ ᠤ ᠲᠠᠮᠢᠷᠴᠢᠳ ᠠᠪᠤᠷᠭᠤ ᠶᠢᠨ ᠴᠣᠮᠣ ᠬᠦᠷᠲᠡᠯ᠎ᠡ᠃ ᠲᠡᠮᠡᠴᠡᠭᠡᠨ ᠳᠦ ᠮᠣᠩᠭᠣᠯ᠂ ᠪᠦᠭᠦᠳᠡ ᠨᠠᠢᠷᠠᠮᠳᠠᠬᠤ ᠰᠣᠯᠣᠩᠭᠣᠰ ᠤᠯᠤᠰ᠂ ᠶᠠᠫᠣᠨ᠂ ᠲᠠᠢᠯᠠᠨᠳ᠋᠂ ᠬᠢᠲᠠᠳ ᠤᠨ ᠲᠠᠢᠸᠠᠨ᠂ ᠰᠢᠨ᠎ᠡ ᠽᠢᠯᠠᠨᠳ᠋᠂ ᠠᠦᠢᠰᠲᠷᠠᠯᠢᠶ᠎ᠠ ᠭᠡᠰᠡᠨ ᠳᠣᠯᠣᠭᠠᠨ ᠣᠷᠣᠨ ᠤ 120 ᠭᠠᠷᠤᠢ ᠲᠠᠮᠢᠷᠴᠢᠨ  ᠰᠡᠴᠡ ᠮᠡᠷᠭᠡᠨ᠂ ᠮᠡᠳᠡᠷᠡᠮᠵᠢ ᠪᠡᠨ ᠰᠣᠷᠢᠨ ᠥᠷᠢᠰᠦᠯᠳᠦᠭᠰᠡᠨ ᠶᠤᠮ᠃

2000 ᠣᠨ ᠠᠴᠠ ᠬᠣᠢᠰᠢ ᠬᠣᠶᠠᠷ ᠵᠢᠯ ᠲᠤᠲᠤᠮ ᠳᠤ ᠵᠣᠬᠢᠶᠠᠨ ᠪᠠᠢᠭᠤᠯᠳᠠᠭ ᠡᠨᠡ ᠬᠦ ᠲᠡᠮᠡᠴᠡᠭᠡᠨ ᠦ ᠨᠡᠭᠡᠭᠡᠯᠲᠡ ᠲᠡᠢ ᠲᠥᠷᠥᠯ ᠦᠨ ᠨᠡᠢᠯᠡᠪᠦᠷᠢ ᠳ᠋ᠦᠩ ᠢᠶᠡᠷ ᠠᠪᠤᠷᠭᠤᠯᠠᠭᠰᠠᠨ ᠤᠯᠤᠰ ᠤᠳ ᠲᠤ ᠰᠢᠯᠵᠢᠨ ᠶᠠᠪᠤᠳᠠᠭ ᠴᠣᠮᠣ ᠶᠢ ᠰᠢᠨ᠎ᠡ ᠽᠢᠯᠠᠨᠳ᠋ ᠳᠥᠷᠪᠡ᠂ ᠠᠦᠢᠰᠲᠷᠠᠯᠢᠶ᠎ᠠ ᠵᠢᠷᠭᠤᠭ᠎ᠠ᠂ ᠮᠣᠩᠭᠣᠯ ᠬᠣᠶᠠᠷ ᠤᠳᠠᠭ᠎ᠠ ᠡᠷᠭᠦᠭᠰᠡᠨ ᠪᠠᠢᠨ᠎ᠠ᠃ ᠡᠷᠡᠭᠲᠡᠢᠴᠦᠳ ᠦᠨ ᠥᠰᠪᠦᠷᠢ ᠶᠢᠨ ᠭᠠᠭᠴᠠᠭᠠᠷᠴᠢᠯᠠᠭᠰᠠᠨ ᠲᠥᠷᠥᠯ ᠳᠦ ᠬ ∙ ᠲᠡᠷᠭᠡᠯ ᠠᠪᠤᠷᠭᠤ ᠪᠠᠷ ᠲᠣᠳᠣᠷᠠᠵᠤ᠂ ᠤᠯᠠᠮ ᠢᠶᠠᠷ ᠥᠰᠪᠦᠷᠢ ᠶᠢᠨ ᠡᠷᠡᠭᠲᠡᠢ ᠪᠠᠭ ᠨᠢᠭᠡᠳᠦᠭᠰᠡᠨ ᠳ᠋ᠦᠩ ᠢᠶᠡᠷ ᠠᠪᠤᠷᠭᠤ ᠶᠢᠨ ᠴᠣᠮᠣ ᠶᠢᠨ ᠡᠵᠡᠨ ᠪᠣᠯᠤᠭᠰᠠᠨ ᠪᠠᠢᠨ᠎ᠠ᠃

ᠰᠡᠳᠬᠢᠭᠳᠡᠯ ᠦᠯᠡᠳᠡᠭᠡᠬᠦ