ᠤᠭ᠍ᠶᠤᠲᠤᠯᠤᠭᠠᠢ ᠶᠢᠨ ᠨᠣᠭᠳᠠᠯ ᠠᠰᠢᠭ ᠤᠨ ᠲᠠᠯ᠎ᠠ ᠪᠠᠷ ᠢᠷᠭᠡᠳ ᠦᠨ ᠰᠠᠨᠠᠯ ᠢ ᠠᠪᠴᠤ ᠡᠬᠢᠯᠡᠯ᠎ᠡ | News.MN

ᠤᠭ᠍ᠶᠤᠲᠤᠯᠤᠭᠠᠢ ᠶᠢᠨ ᠨᠣᠭᠳᠠᠯ ᠠᠰᠢᠭ ᠤᠨ ᠲᠠᠯ᠎ᠠ ᠪᠠᠷ ᠢᠷᠭᠡᠳ ᠦᠨ ᠰᠠᠨᠠᠯ ᠢ ᠠᠪᠴᠤ ᠡᠬᠢᠯᠡᠯ᠎ᠡ

ᠵᠠᠰᠠᠭ ᠤᠨ ᠭᠠᠵᠠᠷ᠂《ᠷᠢᠤ᠋ ᠲᠢᠨᠲ᠋ᠤ᠋》 ᠭᠷᠦ᠋ᠫ ᠲᠡᠢ ᠬᠢᠭᠰᠡᠨ ᠬᠡᠯᠡᠯᠴᠡᠭᠡᠷ ᠦᠨ ᠦᠷ᠎ᠡ ᠳ᠋ᠦᠩ ᠳᠦ 2027 ᠣᠨ ᠳᠤ《ᠤᠭ᠍ᠶᠤᠲᠤᠯᠤᠭᠠᠢ 》ᠺᠣᠮᠫᠠᠨᠢ ᠠᠴᠠ ᠠᠩᠬ᠎ᠠ ᠤᠳᠠᠭ᠎ᠠ ᠨᠣᠭᠳᠠᠯ ᠠᠰᠢᠭ ᠠᠪᠬᠤ ᠰᠢᠢᠳᠪᠦᠷᠢ ᠳᠦ ᠬᠦᠷᠦᠭᠰᠡᠨ᠃ ᠨᠣᠭᠳᠠᠯ ᠠᠰᠢᠭ ᠢ 3 ᠶᠡᠬᠡ ᠨᠠᠶᠤᠳ ᠲᠥᠭᠥᠷᠢᠭ ᠢᠶᠡᠷ ᠲᠣᠭᠠᠴᠠᠵᠤ᠂ 2027 ᠣᠨ ᠤ ᠤᠯᠤᠰ ᠤᠨ ᠲᠥᠰᠥᠪ ᠲᠦ ᠲᠥᠪᠯᠡᠷᠡᠭᠦᠯᠵᠦ᠂ 2 ᠶᠡᠬᠡ ᠨᠠᠶᠤᠳ ᠢ ᠨᠢ ᠡᠷᠴᠢᠮ ᠬᠦᠴᠦᠨ ᠦ ᠰᠠᠯᠪᠤᠷᠢ ᠶᠢᠨ ᠬᠦᠴᠦᠨ ᠴᠢᠳᠠᠯ ᠢ ᠨᠡᠮᠡᠭᠳᠡᠭᠦᠯᠬᠦ ᠲᠥᠰᠥᠯ ᠦᠨ ᠬᠥᠷᠥᠩᠭᠡ ᠣᠷᠣᠭᠤᠯᠤᠯᠲᠠ᠂ ᠨᠢᠭᠡ ᠶᠡᠬᠡ ᠨᠠᠶᠤᠳ ᠢ ᠨᠢ ᠪᠠᠶᠠᠯᠢᠭ ᠤᠨ ᠰᠠᠩ ᠳᠤ ᠲᠥᠪᠯᠡᠷᠡᠭᠦᠯᠬᠦ ᠪᠡᠷ ᠵᠠᠰᠠᠭ ᠤᠨ ᠭᠠᠵᠠᠷ ᠲᠥᠯᠥᠪᠯᠡᠭᠡᠳ ᠪᠤᠢ ᠶᠤᠮ᠃

ᠢᠷᠡᠬᠦ ᠣᠨ ᠤ ᠤᠯᠤᠰ ᠤᠨ ᠲᠥᠰᠥᠪ ᠢ ᠤᠯᠤᠰ ᠤᠨ ᠶᠡᠬᠡ ᠬᠤᠷᠠᠯ ᠢᠶᠠᠷ ᠬᠡᠯᠡᠯᠴᠡᠵᠦ ᠪᠤᠢ ᠪᠥᠭᠡᠳ ᠶᠡᠷᠦᠩᠬᠡᠢ ᠰᠠᠢᠳ ᠨ ∙ ᠤᠴᠠᠷᠠᠯ ᠤᠨ ᠰᠠᠨᠠᠭᠠᠴᠢᠯᠠᠭ᠎ᠠ ᠪᠠᠷ ᠡᠨᠡ ᠬᠦ ᠨᠣᠭᠳᠠᠯ ᠠᠰᠢᠭ ᠢ ᠬᠥᠷᠥᠩᠭᠡ ᠣᠷᠣᠭᠤᠯᠤᠯᠲᠠ ᠳᠤ ᠵᠠᠷᠤᠴᠠᠭᠤᠯᠬᠤ ᠤᠤ᠂ ᠪᠠᠢᠭᠠᠯᠢ ᠶᠢᠨ ᠪᠠᠶᠠᠯᠢᠭ ᠤᠨ ᠦᠭ᠍ᠭᠦᠭᠡᠵᠢ ᠶᠢ ᠬᠡᠷᠬᠢᠨ ᠵᠠᠷᠤᠴᠠᠭᠤᠯᠬᠤ ᠪᠤᠢ ᠭᠡᠰᠡᠨ ᠠᠭᠤᠯᠭ᠎ᠠ ᠪᠠᠷ E-ᠮᠣᠩᠭᠣᠯᠢᠶᠠ ᠴᠠᠬᠢᠮ ᠫᠯᠠᠲ᠋ᠹᠣᠷᠮ ᠢᠶᠠᠷ ᠳᠠᠮᠵᠢᠭᠤᠯᠤᠨ ᠥᠨᠥᠳᠥᠷ ᠡᠴᠡ ᠢᠷᠭᠡᠳ ᠦᠨ ᠰᠠᠨᠠᠯ ᠢ ᠠᠪᠴᠤ ᠡᠬᠢᠯᠡᠯ᠎ᠡ᠃

ᠰᠠᠨᠠᠯ ᠠᠰᠠᠭᠤᠯᠭ᠎ᠠ ᠶᠢ ᠥᠨᠥᠳᠥᠷ︵2026.10.14︶ ᠡᠴᠡ ᠡᠬᠢᠯᠡᠨ 14 ᠬᠣᠨᠣᠭ ᠶᠠᠪᠤᠭᠤᠯᠬᠤ ᠪᠥᠭᠡᠳ ᠳᠠᠷᠠᠭᠠᠬᠢ ᠭᠤᠷᠪᠠᠨ ᠠᠰᠠᠭᠤᠳᠠᠯ ᠢᠶᠠᠷ ᠰᠠᠨᠠᠯ ᠠᠪᠴᠤ ᠪᠠᠢᠨ᠎ᠠ᠃ ᠡᠭᠦᠨ ᠳᠦ᠄ ᠵᠠᠰᠠᠭ ᠤᠨ ᠭᠠᠵᠠᠷ《ᠤᠭ᠍ᠶᠤᠲᠤᠯᠤᠭᠠᠢ 》ᠲᠥᠰᠥᠯ ᠡᠴᠡ ᠨᠣᠭᠳᠠᠯ ᠠᠰᠢᠭ ᠠᠪᠬᠤ ᠨᠢ ᠵᠥᠪ ᠦᠦ᠂ ᠨᠣᠭᠳᠠᠯ ᠠᠰᠢᠭ ᠢ ᠬᠥᠭᠵᠢᠯ ᠦᠨ ᠲᠥᠰᠥᠯ᠂ ᠬᠥᠲᠥᠯᠪᠦᠷᠢ ᠨᠦᠭᠦᠳ ᠢ ᠰᠠᠩᠬᠦᠦᠵᠢᠭᠦᠯᠬᠦ ᠪᠣᠯ ᠠᠯᠢ ᠰᠠᠯᠪᠤᠷᠢ ᠳᠤ ᠬᠥᠷᠥᠩᠭᠡ ᠣᠷᠣᠭᠤᠯᠤᠯᠲᠠ ᠬᠢᠬᠦ ᠨᠢ ᠵᠥᠪ ᠪᠤᠢ ᠂ ᠨᠣᠭᠳᠠᠯ ᠠᠰᠢᠭ ᠤᠨ ᠣᠷᠣᠯᠭ᠎ᠠ ᠶᠢ ᠬᠡᠷᠬᠢᠨ ᠵᠠᠷᠤᠴᠠᠭᠤᠯᠬᠤ ᠨᠢ ᠵᠥᠪ ᠪᠤᠢ ᠭᠡᠬᠦ ᠮᠡᠲᠦ ᠠᠰᠠᠭᠤᠯᠲᠠ ᠶᠢ ᠬᠠᠷᠢᠭᠤᠯᠬᠤ ᠶᠤᠮ᠃

ᠰᠡᠳᠬᠢᠭᠳᠡᠯ ᠦᠯᠡᠳᠡᠭᠡᠬᠦ