ᠪᠤᠯᠠᠭᠠᠨ ᠤ ᠬᠢᠨ ᠠᠳᠤᠭᠤᠨ ᠤ ᠭᠧᠨᠧᠲ᠋ᠢᠭ ᠨᠥᠭᠡᠴᠡ ᠶᠢ ᠬᠠᠮᠠᠭᠠᠯᠠᠬᠤ ᠰᠠᠭᠤᠷᠢ ᠮᠡᠳᠡᠭᠡᠯᠡᠯ ᠪᠦᠷᠢᠳᠦᠭᠦᠯᠦᠨ᠎ᠡ | News.MN

ᠪᠤᠯᠠᠭᠠᠨ ᠤ ᠬᠢᠨ ᠠᠳᠤᠭᠤᠨ ᠤ ᠭᠧᠨᠧᠲ᠋ᠢᠭ ᠨᠥᠭᠡᠴᠡ ᠶᠢ ᠬᠠᠮᠠᠭᠠᠯᠠᠬᠤ ᠰᠠᠭᠤᠷᠢ ᠮᠡᠳᠡᠭᠡᠯᠡᠯ ᠪᠦᠷᠢᠳᠦᠭᠦᠯᠦᠨ᠎ᠡ

ᠪᠤᠯᠠᠭᠠᠨ ᠠᠢᠮᠠᠭ ᠲᠤ ᠦᠷᠡᠵᠢᠭᠦᠯᠵᠦ ᠪᠤᠢ ᠨᠤᠲᠤᠭ ᠤᠨ ᠮᠣᠩᠭᠣᠯ ᠡᠭᠦᠯᠳᠡᠷ ᠦᠨ ᠠᠳᠤᠭᠤᠨ ᠳᠤ ᠦᠵᠡᠯᠭᠡ᠂ ᠰᠣᠩᠭᠣᠯᠲᠠ ᠬᠢᠵᠦ᠂ ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ ᠦᠷᠡᠵᠢᠯ ᠦᠨ ᠠᠳᠤᠭᠤᠨ ᠠᠴᠠ ᠭᠧᠨᠣᠮ ᠤᠨ ᠰᠢᠨᠵᠢᠯᠡᠭᠡᠨ ᠳᠦ ᠱᠠᠭᠠᠷᠳᠠᠯᠭ᠎ᠠ ᠲᠠᠢ ᠪᠢᠣᠯᠣᠭᠢ ᠶᠢᠨ ᠳᠡᠭᠡᠵᠢ ᠪᠣᠯᠤᠨ ᠬᠣᠯᠪᠣᠭᠳᠠᠬᠤ ᠮᠡᠳᠡᠭᠡᠯᠡᠯ ᠢ ᠴᠤᠭᠯᠠᠭᠤᠯᠵᠠᠢ᠃

ᠤᠭ ᠠᠵᠢᠯ ᠢ ᠪᠦᠭᠦᠳᠡ ᠨᠠᠢᠷᠠᠮᠳᠠᠬᠤ ᠰᠣᠯᠣᠩᠭᠣᠰ ᠤᠯᠤᠰ ᠤᠨ ᠬᠥᠳᠡᠭᠡ ᠠᠵᠤ ᠠᠬᠤᠢ ᠶᠢᠨ ᠬᠥᠭᠵᠢᠯ ᠦᠨ ᠵᠠᠬᠢᠷᠭ᠎ᠠ ᠲᠠᠢ ᠬᠠᠮᠲᠤᠷᠠᠨ ᠬᠡᠷᠡᠭᠵᠢᠭᠦᠯᠵᠦ ᠪᠤᠢ 《ᠳᠡᠯᠡᠬᠡᠢ ᠶᠢᠨ ᠮᠠᠯ ᠤᠨ ᠭᠧᠨᠧᠲ᠋ᠢᠭ ᠨᠥᠭᠡᠴᠡ ᠶᠢᠨ ᠣᠯᠠᠨ ᠶᠠᠩᠵᠤ ᠪᠠᠢᠳᠠᠯ᠂ ᠰᠢᠨᠵᠢ ᠴᠢᠨᠠᠷ ᠢ ᠰᠤᠳᠤᠯᠬᠤ᠂ ᠬᠠᠮᠠᠭᠠᠯᠠᠬᠤ ᠪᠣᠯᠤᠨ ᠵᠣᠬᠢᠰᠲᠠᠢ ᠠᠰᠢᠭᠯᠠᠬᠤ ᠰᠤᠳᠤᠯᠭ᠎ᠠ》 ᠲᠥᠰᠥᠯ ᠦᠨ ᠬᠦᠷᠢᠶᠡᠨ ᠳᠦ ᠵᠣᠬᠢᠶᠠᠨ ᠪᠠᠢᠭᠤᠯᠵᠤ ᠪᠠᠢᠨ᠎ᠠ᠃

ᠬᠥᠳᠡᠭᠡ ᠠᠵᠤ ᠠᠬᠤᠢ ᠶᠢᠨ ᠶᠠᠮᠤᠨ᠂ ᠮᠠᠯ ᠤᠨ ᠤᠳᠤᠮ ᠤᠨ ᠰᠠᠩ ᠤᠨ ᠦᠨᠳᠦᠰᠦᠨ ᠦ ᠲᠥᠪ ᠲᠡᠢ ᠬᠠᠮᠲᠤᠷᠠᠨ ᠰᠠᠢᠬᠠᠨ᠂ ᠮᠣᠭᠠᠳ᠂ ᠪᠥᠷᠥᠭᠬᠠᠩᠭᠠᠢ᠂ ᠬᠤᠲᠤᠭ-ᠥᠨᠳᠥᠷ ᠰᠤᠮᠤ ᠶᠢ ᠰᠣᠩᠭᠣᠨ᠂ ᠨᠤᠲᠤᠭ ᠤᠨ ᠮᠣᠩᠭᠣᠯ ᠠᠳᠤᠭᠤᠨ ᠤ ᠤᠳᠤᠮ ᠤᠨ ᠰᠠᠩ᠂ ᠤᠯᠠᠮᠵᠢᠯᠠᠯᠲᠤ ᠰᠢᠨᠵᠢ ᠴᠢᠨᠠᠷ ᠢᠶᠠᠨ ᠰᠠᠢᠨ ᠬᠠᠳᠠᠭᠠᠯᠠᠭᠰᠠᠨ ᠴᠥᠮ ᠰᠦᠷᠦᠭ ᠦᠨ ᠠᠳᠤᠭᠤᠨ ᠠᠴᠠ ᠳᠡᠭᠡᠵᠢ ᠠᠪᠴᠠᠢ᠃ ᠳᠡᠭᠡᠵᠢ ᠴᠤᠭᠯᠠᠭᠤᠯᠬᠤ ᠠᠵᠢᠯ ᠢ ᠦᠶ᠎ᠡ ᠱᠠᠲᠤ ᠲᠠᠢ ᠵᠣᠬᠢᠶᠠᠨ ᠪᠠᠢᠭᠤᠯᠵᠤ ᠪᠠᠢᠭ᠎ᠠ ᠪᠥᠭᠡᠳ ᠴᠤᠭᠯᠠᠭᠤᠯᠤᠭᠰᠠᠨ ᠳᠡᠭᠡᠵᠢ ᠶᠢ ᠰᠣᠯᠣᠩᠭᠣᠰ ᠲᠤ ᠭᠧᠨᠣᠮ ᠤᠨ ᠨᠠᠷᠢᠪᠴᠢᠯᠠᠭᠰᠠᠨ ᠰᠢᠨᠵᠢᠯᠡᠭᠡᠨ ᠳᠦ ᠬᠠᠮᠤᠷᠤᠭᠤᠯᠬᠤ ᠠᠵᠡᠢ᠃ ᠭᠧᠨᠣᠮ ᠤᠨ ᠰᠢᠨᠵᠢᠯᠡᠭᠡ ᠪᠡᠷ ᠨᠤᠲᠤᠭ ᠤᠨ ᠮᠣᠩᠭᠣᠯ ᠡᠭᠦᠯᠳᠡᠷ ᠦᠨ ᠠᠳᠤᠭᠤᠨ ᠤ ᠤᠳᠤᠮ ᠭᠠᠷᠪᠠᠯ᠂ ᠭᠧᠨᠧᠲ᠋ᠢᠭ ᠤᠨ ᠣᠨᠴᠠᠯᠢᠭ᠂ ᠦᠷᠡᠵᠢᠯ ᠦᠨ ᠴᠢᠨᠠᠷ ᠢ ᠨᠠᠷᠢᠪᠴᠢᠯᠠᠨ ᠲᠣᠳᠣᠷᠬᠠᠢᠯᠠᠬᠤ ᠶᠤᠮ᠃ ᠮᠥᠨ ᠠᠳᠤᠭᠤᠨ ᠤ DNA ᠦᠨ ᠮᠡᠳᠡᠭᠡᠯᠡᠯ ᠢ ᠰᠤᠳᠤᠯᠤᠭᠰᠠᠨ ᠢᠶᠠᠷ ᠡᠷᠡᠰ ᠲᠡᠰ ᠠᠭᠤᠷ ᠠᠮᠢᠰᠬᠤᠯ ᠳᠤ ᠲᠡᠰᠪᠦᠷᠢᠲᠡᠢ ᠪᠠᠢᠬᠤ᠂ ᠬᠣᠯᠠ ᠶᠢᠨ ᠵᠠᠢ ᠳᠤ ᠲᠤᠭᠤᠯᠬᠤ ᠴᠢᠳᠠᠪᠤᠷᠢ ᠵᠡᠷᠭᠡ ᠣᠨᠴᠠᠯᠢᠭ ᠰᠢᠨᠵᠢ ᠲᠡᠢ ᠬᠣᠯᠪᠣᠭ᠎ᠠ ᠲᠠᠢ ᠭᠧᠨᠧᠲ᠋ᠢᠭ ᠤᠨ ᠮᠡᠳᠡᠭᠡᠯᠡᠯ ᠢ ᠲᠣᠭᠲᠠᠭᠠᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ