ᠮᠣᠩᠭᠣᠯ ᠤᠯᠤᠰ ᠲᠤ ᠠᠩᠬ᠎ᠠ ᠤᠳᠠᠭ᠎ᠠ ᠳ᠋ᠠᠷᠲ᠋ᠰ ᠤᠨ ᠠᠽᠢᠶ᠎ᠠ᠂ ᠨᠣᠮᠣᠬᠠᠨ ᠳᠠᠯᠠᠢ ᠶᠢᠨ ᠪᠥᠰᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠥᠳᠥᠷ ᠡᠬᠢᠯᠡᠯ᠎ᠡ᠃ ᠳᠡᠯᠡᠬᠡᠢ ᠶᠢᠨ ᠳ᠋ᠠᠷᠲ᠋ᠰ ᠤᠨ ᠬᠣᠯᠪᠣᠭᠠᠨ ᠤ ᠠᠽᠢᠶ᠎ᠠ᠂ ᠨᠣᠮᠣᠬᠠᠨ ᠳᠠᠯᠠᠢ ᠶᠢᠨ ᠣᠷᠣᠨ ᠨᠤᠭᠤᠳ ᠤᠨ ᠴᠣᠮᠣ ᠶᠢᠨ ᠠᠪᠤᠷᠭᠤ ᠰᠢᠯᠭᠠᠷᠠᠭᠤᠯᠬᠤ ᠬᠣᠷᠢᠨ ᠨᠢᠭᠡᠳᠡᠬᠢ ᠤᠳᠠᠭ᠎ᠠ ᠶᠢᠨ ᠲᠡᠮᠡᠴᠡᠭᠡᠨ ᠳᠦ ᠮᠣᠩᠭᠣᠯ᠂ ᠪᠦᠭᠦᠳᠡ ᠨᠠᠢᠷᠠᠮᠳᠠᠬᠤ ᠰᠣᠯᠣᠩᠭᠣᠰ ᠤᠯᠤᠰ᠂ ᠶᠠᠫᠣᠨ᠂ ᠲᠠᠢᠯᠠᠨᠳ᠋᠂ ᠬᠢᠲᠠᠳ ᠤᠨ ᠲᠠᠢᠸᠠᠨ᠂ ᠰᠢᠨ᠎ᠡ ᠽᠢᠯᠠᠨᠳ᠋᠂ ᠠᠦᠢᠰᠲᠷᠠᠯᠢᠶ᠎ᠠ ᠭᠡᠰᠡᠨ ᠳᠣᠯᠣᠭᠠᠨ ᠣᠷᠣᠨ ᠤ 120 ᠭᠠᠷᠤᠢ ᠲᠠᠮᠢᠷᠴᠢᠨ ᠴᠡᠴᠡ ᠮᠡᠷᠭᠡᠨ᠂ ᠮᠡᠳᠡᠷᠡᠮᠵᠢ ᠪᠡᠨ ᠰᠣᠷᠢᠨ ᠥᠷᠢᠰᠦᠯᠳᠦᠵᠦ ᠪᠠᠢᠨ᠎ᠠ᠃
ᠲᠡᠮᠡᠴᠡᠭᠡᠨ ᠳᠦ ᠮᠠᠨ ᠤ ᠤᠯᠤᠰ ᠠᠴᠠ ᠡᠷᠡᠭᠲᠡᠢᠴᠦᠳ ᠦᠨ ᠠᠩᠭᠢᠯᠠᠯ ᠳᠤ ᠮ ∙ ᠠᠯᠲᠠᠨᠲᠦ᠋ᠯᠬᠢᠭᠦᠷ᠂ ᠭ ∙ ᠠᠯᠲᠠᠨᠭᠡᠷᠡᠯ᠂ ᠯ ∙ ᠭᠠᠩᠵᠣᠷᠢᠭ᠂ ᠪ ∙ ᠪᠠᠶᠠᠷᠰᠠᠢᠬᠠᠨ᠂ ᠡᠮᠡᠭᠲᠡᠢᠴᠦᠳ ᠲᠦ ᠼ ∙ ᠠᠮᠤᠭᠤᠯᠠᠩ᠂ ᠪ ∙ ᠬᠤᠯᠠᠨ᠂ ᠠ᠊ ∙ ᠴᠣᠯᠮᠣᠨ᠂ ᠪ ∙ ᠡᠨᠡᠷᠢᠵᠢᠨ᠂ ᠥᠰᠪᠦᠷᠢ ᠳᠦ ᠬ ∙ ᠲᠡᠷᠭᠡᠯ᠂ ᠮ ∙ ᠲᠡᠯᠡᠮᠡᠨ᠂ ᠼ ∙ ᠤᠷᠠᠩᠴᠢᠮᠡᠭ᠂ ᠫ ∙ ᠡᠩᠬᠡᠴᠡᠴᠡᠭ᠂ ᠵ ∙ ᠪᠠᠲᠤᠪᠣᠯᠣᠳ᠂ ᠭ ∙ ᠠᠨᠤᠵᠢᠨ᠂ ᠼ ∙ ᠲᠦᠪᠰᠢᠨᠪᠠᠶᠠᠷ᠂ ᠪ ∙ ᠪᠤᠳᠤᠪᠠᠶᠠᠷ᠂ ᠳ ∙ ᠰᠠᠨᠢᠴᠢᠷ ᠨᠠᠷ ᠥᠷᠢᠰᠦᠯᠳᠦᠵᠦ ᠪᠠᠢᠨ᠎ᠠ᠃



