ᠪᠤᠭᠤᠨ ᠬᠦᠰᠢᠶᠡᠳ ᠦᠨ 91.4 ᠬᠤᠪᠢ ᠨᠢ ᠪᠤᠭᠤ ᠶᠢᠨ ᠵᠠᠭᠪᠤᠷᠴᠢᠯᠠᠭᠰᠠᠨ ᠳᠦᠷᠰᠦ ᠲᠡᠢ | News.MN

ᠪᠤᠭᠤᠨ ᠬᠦᠰᠢᠶᠡᠳ ᠦᠨ 91.4 ᠬᠤᠪᠢ ᠨᠢ ᠪᠤᠭᠤ ᠶᠢᠨ ᠵᠠᠭᠪᠤᠷᠴᠢᠯᠠᠭᠰᠠᠨ ᠳᠦᠷᠰᠦ ᠲᠡᠢ

UNESCO ᠶᠢᠨ ᠳᠡᠯᠡᠬᠡᠢ ᠶᠢᠨ ᠥᠪ ᠲᠦ ᠪᠦᠷᠢᠳᠬᠡᠭᠳᠡᠭᠰᠡᠨ ᠳᠥᠷᠪᠡᠨ ᠳᠤᠷᠠᠰᠬᠠᠯ ᠤᠨ ᠭᠤᠷᠪᠠ ᠨᠢ ᠠᠷᠤᠬᠠᠩᠭᠠᠢ ᠠᠢᠮᠠᠭ ᠤᠨ ᠨᠤᠲᠤᠭ ᠲᠤ ᠣᠷᠣᠰᠢᠵᠤ ᠪᠠᠢᠨ᠎ᠠ᠃ ᠡᠳᠡᠭᠡᠷ ᠦᠨ ᠳᠣᠲᠣᠷ᠎ᠠ ᠬᠣᠢᠲᠤ ᠲᠠᠮᠢᠷ ᠤᠨ ᠬᠥᠨᠳᠡᠢ ᠶᠢᠨ ᠪᠤᠭᠤᠨ ᠬᠥᠰᠢᠶᠡᠨ ᠦ ᠴᠣᠭᠴᠠᠯᠠᠪᠤᠷᠢ ᠨᠤᠭᠤᠳ ᠬᠦᠷᠡᠯ ᠵᠡᠪᠰᠡᠭ ᠦᠨ ᠦᠶ᠎ᠡ ᠶᠢᠨ ᠠᠷᠬᠧᠣᠯᠣᠭᠢ ᠶᠢᠨ ᠰᠤᠶᠤᠯ ᠤᠨ ᠬᠠᠮᠤᠭ ᠤᠨ ᠲᠣᠮᠣ ᠵᠢᠱᠢᠶ᠎ᠡ ᠶᠤᠮ᠃

ᠠᠷᠤᠬᠠᠩᠭᠠᠢ ᠠᠢᠮᠠᠭ ᠪᠣᠯ ᠮᠣᠩᠭᠣᠯ ᠤᠨ ᠬᠠᠮᠤᠭ ᠤᠨ ᠣᠯᠠᠨ ᠪᠤᠭᠤᠨ ᠬᠥᠰᠢᠶ᠎ᠡ ᠲᠡᠢ ᠪᠤᠶᠤ 17 ᠰᠤᠮᠤ ᠶᠢᠨ 95 ᠳᠤᠷᠠᠰᠬᠠᠯᠲᠤ ᠭᠠᠵᠠᠷ ᠲᠤ ᠨᠡᠢᠲᠡ 257 ᠪᠤᠭᠤᠨ ᠬᠥᠰᠢᠶ᠎ᠡ ᠪᠦᠷᠢᠳᠬᠡᠭᠳᠡᠵᠡᠢ᠃ ᠮᠣᠩᠭᠣᠯ ᠤᠨ ᠪᠤᠭᠤᠨ ᠬᠥᠰᠢᠶᠡᠨ ᠦ 20 ᠭᠠᠷᠤᠢ ᠬᠤᠪᠢ ᠶᠢ ᠳᠠᠩ ᠢᠶᠠᠷ ᠢᠶᠠᠨ ᠡᠵᠡᠯᠡᠵᠦ ᠪᠠᠢᠭ᠎ᠠ ᠨᠢ ᠪᠤᠭᠤᠨ ᠬᠥᠰᠢᠶᠡᠨ ᠦ ᠰᠤᠶᠤᠯ ᠤᠨ ᠴᠢᠬᠤᠯᠠ ᠭᠣᠯᠣᠮᠲᠠ ᠪᠣᠯᠬᠤ ᠶᠢ ᠢᠯᠡᠷᠬᠡᠢᠯᠡᠳᠡᠭ ᠪᠠᠢᠨ᠎ᠠ᠃

ᠪᠤᠭᠤᠨ ᠬᠥᠰᠢᠶᠡᠨ ᠦ  ᠬᠠᠮᠤᠭ ᠤᠨ ᠥᠨᠳᠥᠷ ᠲᠠᠷᠬᠠᠴᠠ ᠲᠠᠢ ᠨᠢ 79 ᠬᠥᠰᠢᠶ᠎ᠡ ᠲᠡᠢ ᠶᠡᠬᠡᠲᠠᠮᠢᠷ ᠰᠤᠮᠤ᠂ ᠳᠠᠷᠠᠭ᠎ᠠ ᠨᠢ 53 ᠬᠥᠰᠢᠶ᠎ᠡ ᠲᠡᠢ ᠪᠠᠲᠤᠴᠡᠩᠭᠡᠯ᠂ 47 ᠬᠥᠰᠢᠶ᠎ᠡ ᠪᠡᠷ ᠥᠨᠳᠥᠷ-ᠤᠯᠠᠭᠠᠨ᠂ ᠡᠷᠳᠡᠨᠢᠮᠠᠨᠳᠠᠯ ᠰᠤᠮᠤ 33 ᠪᠤᠭᠤᠨ ᠬᠥᠰᠢᠶ᠎ᠡ ᠲᠡᠢ ᠪᠡᠷ ᠡᠬᠢᠨ ᠦ ᠳᠥᠷᠪᠡ ᠳᠦ ᠪᠠᠢᠨ᠎ᠠ᠃

ᠠᠷᠤᠬᠠᠩᠭᠠᠢ ᠠᠢᠮᠠᠭ ᠤᠨ ᠪᠤᠭᠤᠨ ᠬᠦᠰᠢᠶᠡᠳ ᠦᠨ ᠶᠡᠬᠡᠩᠬᠢ ᠨᠢ ᠪᠤᠶᠤ 235︵91.4 ᠬᠤᠪᠢ︶ ᠨᠢ ᠮᠣᠩᠭᠣᠯ-ᠥᠪᠥᠷ ᠪᠠᠢᠭᠠᠯ ᠤᠨ ᠪᠤᠶᠤ ᠪᠤᠭᠤ ᠶᠢᠨ ᠵᠠᠭᠪᠤᠷᠴᠢᠯᠠᠭᠰᠠᠨ ᠳᠦᠷᠰᠦ ᠲᠡᠢ᠂  ᠰᠠᠶᠠᠨ-ᠠᠯᠲᠠᠢ ᠶᠢᠨ ᠪᠤᠶᠤ ᠠᠮᠢᠲᠠᠨ ᠤ ᠪᠣᠳᠠᠲᠤ ᠳᠦᠷᠰᠦ ᠲᠡᠢ 21︵8.2 ᠬᠤᠪᠢ︶᠂  ᠡᠸᠦ᠋ᠷᠤ᠋ ᠠᠽᠢ ᠶᠢᠨ ᠪᠤᠶᠤ ᠠᠮᠢᠲᠠᠨ ᠤ ᠳᠦᠷᠰᠦᠯᠡᠯ ᠦᠭᠡᠢ ᠬᠥᠰᠢᠶ᠎ᠡ ᠨᠢᠭᠡ ᠪᠠᠢᠳᠠᠭ ᠪᠠᠢᠨ᠎ᠠ᠃

ᠰᠡᠳᠬᠢᠭᠳᠡᠯ ᠦᠯᠡᠳᠡᠭᠡᠬᠦ