ᠮᠠᠨ ᠤ ᠤᠯᠤᠰ ᠤᠨ ᠡᠺᠰᠫᠣᠷᠲ ᠤᠨ ᠣᠷᠣᠯᠭ᠎ᠠ ᠨᠡᠮᠡᠭᠳᠡᠵᠦ᠂ ᠭᠠᠳᠠᠭᠠᠳᠤ ᠸᠠᠯᠢᠶᠤᠲ ᠤᠨ ᠨᠥᠭᠡᠴᠡ ᠥᠩᠭᠡᠷᠡᠭᠰᠡᠨ ᠰᠠᠷ᠎ᠠ ᠶᠢᠨ ᠡᠴᠦᠰ ᠲᠦ 8.9 ᠲᠡᠷᠪᠤᠮ ᠳ᠋ᠣᠯᠯᠠᠷ ᠪᠣᠯᠵᠤ᠂ ᠬᠠᠩᠰᠢ ᠲᠣᠭᠲᠠᠪᠤᠷᠢᠲᠠᠢ ᠪᠠᠢᠨ᠎ᠠ᠃ ᠠᠭᠤᠯᠠ ᠠᠭᠤᠷᠬᠠᠢ ᠶᠢᠨ ᠡᠺᠰᠫᠣᠷᠲ ᠤᠨ ᠪᠡᠶᠡᠲᠦ ᠬᠡᠮᠵᠢᠶ᠎ᠡ ᠨᠢ ᠡᠨᠡ ᠵᠢᠯ ᠦᠨ ᠲᠥᠯᠥᠪᠯᠡᠭᠰᠡᠨ ᠡᠴᠡ ᠵᠡᠰ ᠦᠨ ᠪᠠᠶᠠᠵᠢᠮᠠᠯ 100᠂ ᠨᠡᠭᠦᠷᠡᠰᠦ 95.7᠂ ᠲᠡᠮᠦᠷ ᠦᠨ ᠬᠥᠳᠡᠷ 71.8᠂ ᠭᠠᠵᠠᠷ ᠤᠨ ᠲᠣᠰᠣ 65 ᠬᠤᠪᠢ ᠲᠠᠢ ᠪᠠᠢᠭ᠎ᠠ ᠶᠢ ᠮᠣᠩᠭᠣᠯ ᠤᠯᠤᠰ ᠤᠨ ᠲᠡᠷᠢᠭᠦᠨ ᠰᠢᠳᠠᠷ ᠰᠠᠢᠳ ᠪᠥᠭᠡᠳ ᠡᠳ᠋ ᠦᠨ ᠵᠠᠰᠠᠭ᠂ ᠬᠥᠭᠵᠢᠯ ᠦᠨ ᠰᠠᠢᠳ ᠵ ∙ ᠡᠩᠬᠡᠪᠠᠶᠠᠷ ᠮᠡᠳᠡᠭᠡᠯᠡᠯ᠎ᠡ᠃
ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠢᠶᠠᠷ ᠬᠢᠯᠢ ᠶᠢᠨ ᠭᠠᠰᠢᠭᠤᠨᠰᠤᠬᠠᠢᠲᠤ ᠪᠣᠭᠣᠮᠲᠠ ᠶᠢᠨ ᠵᠠᠮ ᠤᠨ ᠵᠢᠷᠭᠤᠭᠠᠨ ᠠᠭᠤᠯᠵᠠᠪᠤᠷᠢ ᠣᠷᠴᠢᠮ ᠤᠨ ᠲᠡᠭᠡᠭᠡᠪᠦᠷᠢ ᠶᠢᠨ ᠬᠡᠷᠡᠭᠰᠡᠯ ᠦᠨ ᠲᠦᠭᠵᠢᠷᠡᠯ ᠢ ᠪᠠᠭᠠᠰᠬᠠᠵᠤ᠂ ᠡᠺᠰᠫᠣᠷᠲ ᠤᠨ ᠲᠡᠭᠡᠭᠡᠪᠦᠷᠢ ᠶᠢᠨ ᠤᠷᠤᠰᠬᠠᠯ ᠢ ᠨᠡᠮᠡᠬᠦ᠂ ᠰᠢᠪᠡᠭᠡᠬᠦ᠋ᠷᠡᠩ ᠴᠡᠭᠡ᠂ ᠬᠠᠩᠭᠢ᠂ ᠮᠠᠨᠳᠤᠯ ᠪᠣᠭᠣᠮᠲᠠ ᠶᠢᠨ ᠬᠢᠯᠢ ᠳᠠᠮᠨᠠᠭᠰᠠᠨ ᠲᠡᠮᠦᠷ ᠵᠠᠮ ᠤᠨ ᠬᠣᠯᠪᠣᠯᠲᠠ ᠶᠢ ᠡᠬᠢᠯᠡᠭᠦᠯᠬᠦ᠂ ᠪᠤᠯᠠᠭᠠᠨ᠂ ᠪᠢᠴᠢᠭᠲᠦ ᠪᠣᠭᠣᠮᠲᠠ ᠳᠦ ᠭᠠᠢᠯᠢ ᠶᠢᠨ ᠠᠦ᠋ᠲ᠋ᠣᠮᠠᠲ ᠪᠦᠷᠢᠳᠦᠭᠦᠯᠦᠯᠲᠡ ᠶᠢᠨ ᠰᠢᠰᠲ᠋ᠧᠮ᠂ ᠤᠬᠠᠭᠠᠯᠢᠭ ᠭᠠᠷᠴᠠ᠂ ᠨᠡᠭᠦᠷᠡᠰᠦᠨ ᠦ ᠰᠢᠨᠵᠢᠯᠡᠭᠡᠨ ᠦ ᠯᠠᠪᠤᠷᠠᠲ᠋ᠣᠷᠢ ᠶᠢ ᠡᠨᠡ ᠣᠨ ᠳᠤ ᠪᠠᠭᠲᠠᠭᠠᠨ ᠠᠰᠢᠭᠯᠠᠯᠲᠠ ᠳᠤ ᠣᠷᠣᠭᠤᠯᠬᠤ ᠶᠢ ᠡᠭᠦᠷᠭᠡ ᠪᠣᠯᠭᠠᠪᠠ᠃



