ᠰᠠᠢᠨᠱᠠᠩᠳᠠ ᠰᠤᠮᠤ ᠶᠢᠨ 7 ᠳ᠋ᠤᠭᠠᠷ ᠪᠠᠭ ᠲᠤ ᠪᠠᠷᠢᠵᠤ ᠪᠤᠢ 700 ᠬᠦᠮᠦᠨ ᠦ ᠰᠠᠭᠤᠳᠠᠯ ᠲᠠᠢ《ᠰᠠᠷᠠᠨ ᠬᠥᠬᠥᠭᠡ》ᠲᠢᠶᠠᠲ᠋ᠷ ᠤᠨ ᠰᠢᠨ᠎ᠡ ᠪᠠᠷᠢᠯᠭ᠎ᠠ ᠶᠢᠨ ᠠᠵᠢᠯ ᠤᠨ ᠶᠠᠪᠤᠴᠠ 80 ᠭᠠᠷᠤᠢ ᠬᠤᠪᠢ ᠲᠠᠢ ᠪᠠᠢᠨ᠎ᠠ᠃ ᠣᠳᠣ ᠪᠠᠷ ᠣᠷᠴᠢᠨ ᠦᠶ᠎ᠡ ᠶᠢᠨ ᠲᠧᠭᠨᠣᠯᠣᠭᠢ᠂ ᠰᠢᠢᠳᠦᠯ ᠪᠦᠬᠦᠢ ᠲᠠᠢᠰᠠ᠂ 24 ᠮᠧᠲ᠋ᠷ ᠦᠨ ᠥᠨᠳᠥᠷ ᠲᠦ ᠬᠢᠬᠦ ᠠᠷᠬᠢᠲ᠋ᠧᠺᠲ᠋ᠣᠷ ᠤᠨ ᠨᠠᠷᠢᠨ ᠬᠢᠴᠡᠲᠡᠢ ᠢᠨᠲ᠋ᠧᠷᠧᠷ ᠤᠨ ᠵᠠᠰᠠᠯ ᠤᠨ ᠠᠵᠢᠯ ᠦᠷᠭᠦᠯᠵᠢᠯᠡᠵᠦ ᠪᠠᠢᠨ᠎ᠠ᠃
1980 ᠣᠨ ᠳᠤ ᠠᠰᠢᠭᠯᠠᠯᠲᠠ ᠳᠤ ᠣᠷᠣᠭᠰᠠᠨ ᠲᠢᠶᠠᠲ᠋ᠷ ᠤᠨ ᠬᠠᠭᠤᠴᠢᠨ ᠪᠠᠷᠢᠯᠭ᠎ᠠ ᠶᠢᠨ ᠴᠢᠨᠠᠷ ᠮᠠᠭᠤᠳᠠᠵᠤ᠂ ᠴᠢᠨᠠᠭᠰᠢᠳᠠ ᠠᠰᠢᠭᠯᠠᠬᠤ ᠳᠤ ᠬᠦᠨᠳᠦᠷᠡᠯᠲᠡᠢ ᠪᠣᠯᠵᠠᠢ᠃ ᠰᠢᠨ᠎ᠡ ᠪᠠᠷᠢᠯᠭ᠎ᠠ ᠠᠰᠢᠭᠯᠠᠯᠲᠠ ᠳᠤ ᠣᠷᠣᠭᠰᠠᠨ ᠢᠶᠠᠷ ᠤᠷᠠᠨ ᠪᠦᠲᠦᠭᠡᠯᠴᠢᠳ ᠤᠷᠠᠨ ᠪᠦᠲᠦᠭᠡᠯ ᠢᠶᠡᠨ ᠲᠤᠭᠤᠷᠪᠢᠬᠤ᠂ ᠢᠷᠭᠡᠳ ᠲᠦ ᠤᠷᠠᠯᠢᠭ᠂ ᠰᠤᠶᠤᠯ ᠤᠨ ᠦᠢᠯᠡᠴᠢᠯᠡᠭᠡ ᠶᠢ ᠰᠲ᠋ᠠᠨᠳᠠᠷᠲ ᠱᠠᠭᠠᠷᠳᠠᠯᠭ᠎ᠠ ᠬᠠᠩᠭᠠᠭᠰᠠᠨ ᠤᠷᠴᠢᠨ ᠳᠤ ᠬᠦᠷᠭᠡᠬᠦ ᠨᠥᠬᠥᠴᠡᠯ ᠪᠥᠷᠢᠳᠬᠦ ᠶᠤᠮ᠃



