ᠳᠣᠲᠣᠭᠠᠳᠤ ᠶᠢᠨ ᠦᠢᠯᠡᠳᠪᠦᠷᠢᠯᠡᠯ᠂ ᠬᠠᠩᠭᠠᠮᠵᠢ ᠶᠢ ᠲᠣᠭᠲᠠᠪᠤᠷᠢᠵᠢᠭᠤᠯᠬᠤ ᠵᠣᠷᠢᠯᠭ᠎ᠠ ᠪᠠᠷ 100 ᠮᠢᠩᠭᠠᠨ ᠲᠣᠨ ᠤᠯᠠᠭᠠᠨ ᠪᠤᠭᠤᠳᠠᠢ ᠨᠥᠭᠡᠴᠡᠯᠡᠬᠦ ᠡᠴᠡ ᠡᠨᠡ ᠰᠠᠷ᠎ᠠ ᠶᠢᠨ ᠲᠠᠪᠤᠨ ᠤ ᠪᠠᠢᠳᠠᠯ ᠢᠶᠠᠷ 52.6 ᠮᠢᠩᠭᠠᠨ ᠲᠣᠨ ᠢ ᠪᠦᠷᠢᠳᠦᠭᠦᠯᠦᠭᠡᠳ ᠪᠠᠢᠭ᠎ᠠ ᠶᠢ ᠬᠥᠳᠡᠭᠡ ᠠᠵᠤ ᠠᠬᠤᠢ ᠶᠢᠨ ᠶᠠᠮᠤᠨ ᠮᠡᠳᠡᠭᠡᠯᠡᠯ᠎ᠡ᠃
ᠤᠷᠭᠤᠴᠠ ᠬᠤᠷᠢᠶᠠᠬᠤ ᠳᠤ ᠨᠡᠢᠲᠡ 25324 ᠬᠦᠮᠦᠨ ᠣᠷᠣᠯᠴᠠᠵᠤ ᠪᠠᠢᠨ᠎ᠠ᠃ ᠮᠥᠨ 951 ᠺᠣᠮᠪᠠᠢᠨ᠂ 609 ᠰᠢᠷᠬᠡᠭ ᠵᠠᠲᠺᠠ᠂ 230 ᠦᠲᠦᠷᠮ᠎ᠡ ᠳᠦ ᠦᠷ᠎ᠡ ᠲᠠᠷᠢᠶ᠎ᠠ ᠴᠡᠪᠡᠷᠯᠡᠬᠦ 1058 ᠂ ᠲᠥᠮᠥᠰᠥ᠂ ᠬᠦᠨᠡᠰᠦᠨ ᠦ ᠨᠣᠭᠣᠭ᠎ᠠ ᠬᠤᠷᠢᠶᠠᠬᠤ 453 ᠰᠢᠷᠬᠡᠭ ᠲᠣᠨᠣᠭ ᠲᠥᠬᠥᠭᠡᠷᠦᠮᠵᠢ ᠠᠵᠢᠯᠯᠠᠭᠤᠯᠵᠤ ᠪᠠᠢᠭ᠎ᠠ ᠨᠢ ᠤᠷᠭᠤᠴᠠ ᠪᠠᠨ 26-30 ᠬᠣᠨᠣᠭ ᠲᠤ ᠪᠦᠷᠢᠨ ᠬᠤᠷᠢᠶᠠᠬᠤ ᠲᠧᠭᠨᠢᠭ ᠦᠨ ᠪᠣᠯᠤᠮᠵᠢ ᠲᠠᠢ ᠭᠡᠰᠡᠨ ᠦᠭᠡ ᠠᠵᠡᠢ᠃



