ᠫ ∙ ᠮᠥᠷᠡᠨ Rally raid  ᠦᠨ ᠳᠡᠯᠡᠬᠡᠢ ᠶᠢᠨ ᠠᠪᠤᠷᠭᠤ ᠪᠣᠯᠤᠯ᠎ᠠ | News.MN

ᠫ ∙ ᠮᠥᠷᠡᠨ Rally raid  ᠦᠨ ᠳᠡᠯᠡᠬᠡᠢ ᠶᠢᠨ ᠠᠪᠤᠷᠭᠤ ᠪᠣᠯᠤᠯ᠎ᠠ

ᠮᠣᠷᠣᠺᠺᠣ ᠤᠯᠤᠰ ᠤᠨ ᠠᠭᠠᠳᠠᠷ ᠬᠣᠲᠠ ᠳᠤ ᠪᠣᠯᠤᠭᠰᠠᠨ Rallye OLA Energy du Maroc 2026 ᠤᠷᠤᠯᠳᠤᠭᠠᠨ ᠥᠨᠳᠥᠷᠯᠡᠵᠦ᠂ ᠮᠣᠩᠭᠣᠯ ᠤᠨ ᠮᠤᠲ᠋ᠤ᠋ ᠰᠫᠣᠷᠲ ᠤᠨ ᠲᠠᠮᠢᠷᠴᠢᠨ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠫ ∙ ᠮᠥᠷᠡᠨ Rally raid  ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ︵W2RC)  ᠤ Rally 3 ᠠᠩᠭᠢᠯᠠᠯ ᠤᠨ ᠳᠡᠯᠡᠬᠡᠢ ᠶᠢᠨ ᠴᠣᠮᠣ ᠶᠢᠨ ᠠᠪᠤᠷᠭᠤ  ᠪᠣᠯᠵᠤ᠂ ᠮᠣᠩᠭᠣᠯ ᠤᠯᠤᠰ ᠠᠴᠠ ᠲᠤᠰ ᠲᠡᠮᠡᠴᠡᠭᠡᠨ ᠳᠦ ᠳᠡᠯᠡᠬᠡᠢ ᠶᠢᠨ ᠠᠪᠤᠷᠭᠤ ᠪᠣᠯᠤᠭᠰᠠᠨ ᠠᠩᠬᠠᠨ ᠤ ᠲᠠᠮᠢᠷᠴᠢᠨ ᠪᠣᠯᠵᠤ ᠪᠠᠢᠨ᠎ᠠ᠃

Rally raid  ᠨᠢ ᠴᠥᠯ᠂ ᠡᠯᠡᠰᠦᠨ ᠮᠠᠩᠬᠠᠨ᠂ ᠴᠢᠯᠠᠭᠤᠷᠬᠠᠭ ᠪᠣᠯᠤᠨ ᠪᠠᠷᠲᠠᠭᠠᠲᠤ ᠵᠠᠮ ᠳᠤ ᠣᠯᠠᠨ ᠡᠳᠦᠷ ᠦᠨ ᠲᠤᠷᠰᠢ ᠦᠷᠭᠦᠯᠵᠢᠯᠡᠳᠡᠭ ᠮᠤᠲ᠋ᠤ᠋ ᠰᠫᠣᠷᠲ ᠤᠨ ᠲᠥᠷᠥᠯ ᠶᠤᠮ᠃ ᠲᠠᠮᠢᠷᠴᠢᠳ ᠬᠤᠷᠳᠤ᠂ ᠲᠡᠰᠪᠦᠷᠢ ᠬᠠᠲᠠᠭᠤᠵᠢᠯ᠂ ᠨᠠᠪᠢᠭᠠᠼ ᠤᠨ ᠤᠷ᠎ᠠ ᠴᠢᠳᠠᠪᠤᠷᠢ ᠪᠠᠨ ᠰᠣᠷᠢᠵᠤ᠂ ᠭᠠᠵᠠᠷ ᠤᠨ ᠵᠢᠷᠤᠭ ᠪᠣᠯᠤᠨ ᠨᠠᠪᠢᠭᠠᠼ ᠤᠨ ᠲᠥᠬᠥᠭᠡᠷᠦᠮᠵᠢ ᠠᠰᠢᠭᠯᠠᠨ ᠵᠠᠮ ᠢᠶᠠᠨ ᠲᠣᠳᠣᠷᠬᠠᠢᠯᠠᠵᠤ᠂ ᠬᠢᠨᠠᠯᠲᠠ ᠶᠢᠨ ᠴᠡᠭ ᠦᠳ ᠲᠦ ᠬᠦᠷᠳᠡᠭ ᠣᠨᠴᠠᠯᠢᠭ ᠲᠠᠢ᠃ ᠲᠡᠷᠡ ᠪᠣᠯ ᠮᠣᠩᠭᠣᠯ ᠤᠨ Rally  ᠤᠨ ᠳᠣᠯᠣᠭᠠᠨ ᠤᠳᠠᠭ᠎ᠠ ᠶᠢᠨ ᠠᠪᠤᠷᠭᠤ ᠲᠠᠮᠢᠷᠴᠢᠨ ᠶᠤᠮ᠃

ᠲᠡᠷᠡᠪᠡᠷ 2026 ᠣᠨ ᠤ Dakar Rally ᠳᠦ ᠠᠮᠵᠢᠯᠲᠠ ᠲᠠᠢ ᠤᠷᠤᠯᠳᠤᠭᠰᠠᠨ ᠤ ᠳᠠᠷᠠᠭ᠎ᠠ Rally raid ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠭᠤᠷᠪᠠᠨ ᠭᠠᠷᠤᠭᠠᠨ ᠳᠤ ᠥᠷᠢᠰᠦᠯᠳᠦᠭᠰᠡᠨ ᠶᠤᠮ᠃ ᠢᠩᠭᠢᠬᠦ ᠳᠦ ᠪᠡᠨ BP Rally Portugal ᠤᠨ ᠤᠷᠤᠯᠳᠤᠭᠠᠨ ᠳᠤ ᠬᠦᠷᠡᠯ᠂ Desafío Ruta 40 ᠬᠣᠶᠠᠳᠤᠭᠠᠷ ᠭᠠᠷᠤᠭᠠᠨ ᠳᠤ ᠲᠦᠷᠦᠭᠦᠯᠡᠭᠰᠡᠨ ᠪᠣᠯ Rally du Maroc ᠳᠦ ᠮᠥᠩᠭᠥᠨ ᠮᠧᠳᠠᠯ ᠬᠦᠷᠲᠡᠵᠡᠢ᠃ ᠢᠩᠭᠢᠭᠰᠡᠨ ᠢᠶᠡᠷ ᠭᠤᠷᠪᠠᠨ ᠭᠠᠷᠤᠭᠠᠨ ᠳᠤ ᠨᠡᠢᠲᠡ 61 ᠣᠨᠣᠭ᠎ᠠ ᠴᠤᠭᠯᠠᠭᠤᠯᠤᠨ 2026 ᠣᠨ ᠤ Rally raid ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ Rally3 ᠠᠩᠭᠢᠯᠠᠯ ᠳᠤ ᠳᠡᠯᠡᠬᠡᠢ ᠶᠢᠨ ᠠᠪᠤᠷᠭᠤ ᠪᠣᠯᠵᠤ ᠪᠠᠢᠨ᠎ᠠ᠃

ᠰᠡᠳᠬᠢᠭᠳᠡᠯ ᠦᠯᠡᠳᠡᠭᠡᠬᠦ