ᠪᠥᠬᠡ ᠶᠢᠨ ᠬᠣᠯᠪᠣᠭ᠎ᠠ ᠢᠷᠡᠬᠦ ᠣᠨ ᠢ《ᠶᠣᠰᠣ ᠵᠦᠢ᠂ ᠬᠠᠷᠢᠭᠤᠴᠠᠯᠭ᠎ᠠ ᠶᠢᠨ ᠵᠢᠯ》 ᠪᠣᠯᠭᠠᠨ ᠵᠠᠷᠯᠠᠯ᠎ᠠ | News.MN

ᠪᠥᠬᠡ ᠶᠢᠨ ᠬᠣᠯᠪᠣᠭ᠎ᠠ ᠢᠷᠡᠬᠦ ᠣᠨ ᠢ《ᠶᠣᠰᠣ ᠵᠦᠢ᠂ ᠬᠠᠷᠢᠭᠤᠴᠠᠯᠭ᠎ᠠ ᠶᠢᠨ ᠵᠢᠯ》 ᠪᠣᠯᠭᠠᠨ ᠵᠠᠷᠯᠠᠯ᠎ᠠ

ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠥᠩᠭᠡᠷᠡᠭᠰᠡᠨ ᠠᠮᠠᠷᠠᠯᠲᠠ ᠶᠢᠨ ᠡᠳᠦᠷ ᠦᠳ ᠲᠦ 2026-2027 ᠣᠨ ᠤ ᠤᠯᠠᠷᠢᠯ ᠳᠤ ᠨᠠᠮᠤᠷ ᠤᠨ ᠨᠡᠭᠡᠭᠡᠯᠲᠡ ᠶᠢᠨ ᠪᠠᠷᠢᠯᠳᠤᠭᠠᠨ ᠢ ᠵᠣᠬᠢᠶᠠᠨ ᠪᠠᠢᠭᠤᠯᠬᠤ ᠳᠤ ᠪᠠᠨ ᠢᠷᠡᠬᠦ ᠵᠢᠯ ᠢ 《ᠶᠣᠰᠣ ᠵᠦᠢ᠂ ᠬᠠᠷᠢᠭᠤᠴᠠᠯᠭ᠎ᠠ ᠶᠢᠨ ᠵᠢᠯ》 ᠪᠣᠯᠭᠠᠨ ᠵᠠᠷᠯᠠᠯ᠎ᠠ᠃ ᠤᠯᠤᠰ᠂ ᠠᠢᠮᠠᠭ ᠤᠨ ᠴᠣᠯᠠᠲᠠᠳ ᠤᠨ ᠨᠡᠭᠡᠭᠡᠯᠲᠡ ᠪᠢᠮᠪᠠ ᠭᠠᠷᠠᠭ ᠲᠤ ᠪᠣᠯᠤᠭᠰᠠᠨ ᠪᠣᠯ ᠰᠤᠮᠤ ᠶᠢᠨ ᠴᠣᠯᠠᠲᠠᠳ ᠤᠨ ᠪᠠᠷᠢᠯᠳᠤᠭᠠᠨ ᠢ ᠥᠴᠥᠭᠡᠳᠦᠷ ᠨᠡᠭᠡᠭᠡᠪᠡ᠃ ᠨᠡᠭᠡᠭᠡᠯᠲᠡ ᠶᠢᠨ ᠦᠶ᠎ᠡ ᠪᠡᠷ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭ᠎ᠠ ᠤ ᠲᠡᠷᠢᠭᠦᠨ ᠼ ∙ ᠮᠠᠭᠠᠯᠵᠠᠪ ᠪᠥᠬᠡᠴᠦᠳ ᠲᠦ ᠬᠠᠨᠳᠤᠨ ᠦᠭᠡ ᠬᠡᠯᠡᠭᠰᠡᠨ ᠪᠥᠭᠡᠳ ᠶᠣᠰᠣ ᠵᠦᠢ ᠲᠡᠢ ᠪᠠᠢᠬᠤ ᠶᠢ ᠡᠷᠬᠢᠮᠯᠡᠬᠦ ᠶᠢ ᠵᠠᠬᠢᠪᠠ᠃

ᠲᠡᠷᠡᠪᠡᠷ᠄《ᠪᠥᠬᠡᠴᠦᠳ ᠦᠨ ᠰᠤᠮᠤ᠂ ᠠᠢᠮᠠᠭ᠂ ᠳᠡᠭᠦᠷᠭᠡ᠂ ᠤᠯᠤᠰ ᠤᠨ ᠪᠠᠶᠠᠷ ᠨᠠᠭᠠᠳᠤᠮ ᠳᠤ ᠬᠡᠷᠬᠢᠨ ᠪᠠᠷᠢᠯᠳᠤᠵᠤ ᠪᠠᠢᠭ᠎ᠠ ᠶᠢ ᠠᠩᠬᠠᠷᠬᠤ ᠴᠠᠭ ᠨᠢᠭᠡᠨᠲᠡ ᠪᠣᠯᠵᠠᠢ᠃ ᠰᠤᠮᠤ ᠶᠢᠨ ᠪᠣᠯᠤᠨ ᠵᠠᠷᠢᠮ ᠠᠢᠮᠠᠭ ᠤᠨ ᠨᠠᠭᠠᠳᠤᠮ ᠦᠵᠡᠭᠴᠢ ᠦᠭᠡᠢ ᠪᠣᠯᠵᠤ ᠪᠠᠢᠭ᠎ᠠ ᠶᠢ ᠪᠦᠬᠦ ᠱᠠᠲᠤᠨ ᠳᠤ ᠪᠠᠨ ᠮᠡᠳᠡᠨ᠎ᠡ᠃ ᠡᠨᠡ ᠬᠠᠷᠠᠮᠰᠠᠯ ᠲᠠᠢ ᠦᠢᠯᠡᠳᠦᠯ ᠢ ᠤᠯᠤᠰ ᠤᠨ ᠪᠠᠶᠠᠷ ᠨᠠᠭᠠᠳᠤᠮ ᠤᠷᠤᠭᠤ ᠬᠠᠪᠲᠠᠭᠠᠢᠷᠠᠨ ᠣᠷᠣᠵᠤ ᠢᠷᠡᠬᠦ ᠡᠴᠡ ᠬᠠᠮᠠᠭᠠᠯᠠᠬᠤ᠂ ᠮᠥᠨ ᠰᠤᠮᠤ᠂ ᠠᠢᠮᠠᠭ ᠤᠨ ᠨᠠᠭᠠᠳᠤᠮ ᠢ ᠪᠥᠬᠡᠴᠦᠳ ᠦᠢᠮᠡᠭᠦᠯᠵᠦ ᠪᠠᠢᠭ᠎ᠠ ᠪᠠᠢᠳᠠᠯ ᠢ ᠳᠠᠷᠤᠢ ᠲᠠᠰᠤᠯᠤᠨ ᠵᠣᠭᠰᠣᠭᠠᠬᠤ ᠨᠡᠩ ᠱᠠᠭᠠᠷᠳᠠᠯᠭ᠎ᠠ ᠲᠠᠢ ᠪᠣᠯᠤᠯ᠎ᠠ᠃ ᠦᠨᠳᠦᠰᠦᠨ ᠦ ᠪᠥᠬᠡ ᠡᠨᠡ ᠴᠠᠭ ᠦᠶ᠎ᠡ ᠳᠦ ᠦᠵᠡᠭᠴᠢ ᠣᠯᠠᠨ ᠲᠦᠮᠡᠨ ᠦ ᠪᠡᠨ ᠬᠦᠰᠡᠯ ᠰᠣᠨᠢᠷᠬᠠᠯ ᠳᠤ ᠨᠡᠢᠴᠡᠵᠦ ᠪᠠᠢᠬᠤ ᠵᠠᠢᠯᠠᠰᠢ ᠦᠭᠡᠢ ᠱᠠᠭᠠᠷᠳᠠᠯᠭ᠎ᠠ ᠲᠠᠢ᠃

ᠡᠭᠦᠨ ᠦ ᠲᠤᠯᠠᠳᠠ ᠬᠠᠤᠯᠢ᠂ ᠡᠷᠬᠡ ᠵᠦᠢ ᠶᠢᠨ ᠰᠢᠨᠡᠴᠢᠯᠡᠯ ᠬᠢᠬᠦ ᠵᠠᠢᠯᠠᠰᠢ ᠦᠭᠡᠢ ᠱᠠᠭᠠᠷᠳᠠᠯᠭ᠎ᠠ ᠲᠠᠢ ᠪᠣᠯᠣᠭᠰᠠᠨ ᠢ ᠳᠤᠷᠠᠳᠤᠶ᠎ᠠ᠃ ᠥᠨᠥᠳᠥᠷ ᠦᠨ ᠬᠤᠪᠢ ᠳᠤ ᠬᠠᠮᠤᠭ ᠤᠨ ᠶᠡᠬᠡ ᠲᠤᠯᠭᠠᠮᠳᠠᠭᠰᠠᠨ ᠠᠰᠠᠭᠤᠳᠠᠯ ᠨᠢ ᠪᠥᠬᠡᠴᠦᠳ ᠦᠨ ᠶᠣᠰᠣ ᠵᠦᠢ ᠪᠣᠯᠵᠤ ᠪᠠᠢᠨ᠎ᠠ᠃ ᠡᠢᠮᠦ ᠡᠴᠡ ᠢᠷᠡᠬᠦ ᠵᠢᠯ ᠢ《ᠶᠣᠰᠣ ᠵᠦᠢ ᠶᠢ ᠡᠷᠬᠢᠮᠯᠡᠬᠦ ᠵᠢᠯ》 ᠪᠣᠯᠭᠠᠨ ᠵᠠᠷᠯᠠᠵᠤ᠂ ᠪᠥᠬᠡᠴᠦᠳ ᠶᠣᠰᠣ ᠵᠦᠢ ᠶᠢᠨ ᠠᠰᠠᠭᠤᠳᠠᠯ ᠠᠴᠠ ᠭᠠᠳᠠᠨ᠎ᠠ ᠨᠠᠢᠢᠷᠠᠭ᠎ᠠ  ᠪᠤᠳᠤᠯᠢᠶᠠᠨ ᠳᠤ ᠣᠷᠣᠯᠴᠠᠬᠤ ᠦᠭᠡᠢ ᠪᠠᠢᠬᠤ ᠬᠠᠤᠯᠢ ᠡᠷᠬᠡ ᠵᠦᠢ ᠶᠢᠨ ᠥᠭᠡᠷᠡᠴᠢᠯᠡᠯᠲᠡ ᠰᠢᠨᠡᠴᠢᠯᠡᠯᠲᠡ ᠬᠢᠬᠦ ᠪᠡᠷ ᠲᠥᠯᠥᠪᠯᠡᠨ ᠠᠵᠢᠯᠯᠠᠬᠤ ᠪᠣᠯᠤᠭᠰᠠᠨ ᠢ   ᠮᠡᠳᠡᠭ᠍ᠳᠡᠶ᠎ᠡ》ᠭᠡᠪᠡ᠃

ᠰᠡᠳᠬᠢᠭᠳᠡᠯ ᠦᠯᠡᠳᠡᠭᠡᠬᠦ