ᠠᠰᠬᠠᠲᠤ ᠶᠢᠨ ᠮᠥᠩᠭᠥᠨ ᠦ ᠤᠷᠳᠤ ᠳᠤ ᠬᠦᠷᠬᠦ 2.6 ᠺᠢᠯᠣᠮᠧᠲ᠋ᠷ ᠵᠠᠮ ᠲᠠᠯᠪᠢᠵᠠᠢ | News.MN

ᠠᠰᠬᠠᠲᠤ ᠶᠢᠨ ᠮᠥᠩᠭᠥᠨ ᠦ ᠤᠷᠳᠤ ᠳᠤ ᠬᠦᠷᠬᠦ 2.6 ᠺᠢᠯᠣᠮᠧᠲ᠋ᠷ ᠵᠠᠮ ᠲᠠᠯᠪᠢᠵᠠᠢ

ᠮᠣᠩᠭᠣᠯ ᠢᠨᠵᠧᠨᠧᠷ ᠦᠳ ᠠᠭᠤᠯᠠ ᠭᠧᠣᠯᠣᠭᠢ ᠶᠢᠨ ᠨᠡᠩ ᠬᠦᠨᠳᠦ ᠨᠥᠬᠥᠴᠡᠯ ᠳᠦ᠂ ᠳᠠᠯᠠᠢ ᠶᠢᠨ ᠲᠦᠪᠰᠢᠨ ᠡᠴᠡ ᠳᠡᠭᠡᠭᠰᠢ 2600-3100 ᠮᠧᠲ᠋ᠷ ᠥᠨᠳᠥᠷ ᠲᠦ 2.6 ᠺᠢᠯᠣᠮᠧᠲ᠋ᠷ ᠤᠷᠲᠤ ᠰᠠᠢᠵᠢᠷᠠᠭᠤᠯᠤᠭᠰᠠᠨ ᠵᠠᠮ  ᠲᠠᠯᠪᠢᠵᠠᠢ᠃ ᠡᠨᠡ ᠨᠢ ᠪᠣᠭᠳᠠᠬᠠᠨ ᠠᠭᠤᠯᠠ ᠶᠢᠨ ᠨᠣᠶᠠᠨ ᠣᠷᠭᠢᠯ ᠴᠡᠴᠡ ᠭᠦᠩ ᠦᠨ ᠣᠷᠭᠢᠯ ᠠᠴᠠ 332-832 ᠮᠧᠲ᠋ᠷ ᠢᠯᠡᠭᠦᠦ ᠥᠨᠳᠥᠷ ᠲᠦ ᠵᠠᠮ ᠲᠠᠯᠪᠢᠭᠰᠠᠨ ᠭᠡᠰᠡᠨ ᠦᠭᠡ ᠶᠤᠮ᠃

ᠤᠭ ᠵᠠᠮ ᠠᠰᠢᠭᠯᠠᠯᠲᠠ ᠳᠤ ᠣᠷᠣᠭᠰᠠᠨ ᠢᠶᠠᠷ ᠰᠲᠷᠠᠲ᠋ᠧᠭᠢ ᠶᠢᠨ ᠬᠣᠶᠠᠷ ᠴᠢᠬᠤᠯᠠ ᠠᠰᠠᠭᠤᠳᠠᠯ ᠢ ᠰᠢᠢᠳᠪᠦᠷᠢᠯᠡᠪᠡ᠃ ᠨᠢᠭᠡᠳᠦᠭᠡᠷ ᠲᠦ᠂ ᠵᠢᠯ ᠣᠷᠴᠢᠮ ᠬᠤᠭᠤᠴᠠᠭᠠᠨ ᠳᠤ ᠰᠠᠭᠠᠳᠠᠭᠠᠳ ᠪᠠᠢᠭᠰᠠᠨ ᠠᠰᠬᠠᠲᠤ ᠶᠢᠨ ᠮᠥᠩᠭᠥᠨ ᠦ ᠣᠷᠳᠣ ᠶᠢᠨ ᠨᠡᠮᠡᠯᠲᠡ ᠬᠠᠢᠭᠤᠯ ᠤᠨ ᠠᠵᠢᠯ ᠢ ᠰᠡᠷᠭᠦᠭᠡᠪᠡ᠃ ᠬᠣᠶᠠᠳᠤᠭᠠᠷ ᠲᠤ᠂ ᠠᠰᠬᠠᠲᠤ ᠶᠢᠨ ᠮᠥᠩᠭᠥᠨ ᠦ ᠣᠷᠳᠣ ᠶᠢᠨ ᠬᠥᠷᠥᠩᠭᠡ ᠣᠷᠣᠭᠤᠯᠤᠯᠲᠠ ᠶᠢᠨ ᠦᠨ᠎ᠡ ᠴᠡᠨ᠎ᠡ ᠶᠢ ᠨᠡᠮᠡᠭᠳᠡᠭᠦᠯᠦᠯ᠎ᠡ᠃

ᠰᠡᠳᠬᠢᠭᠳᠡᠯ ᠦᠯᠡᠳᠡᠭᠡᠬᠦ