ᠹᠢᠯᠣᠰᠣᠹᠢᠴᠢ ᠰ ∙ ᠮᠣᠯᠣᠷᠡᠷᠳᠡᠨᠢ ᠶᠢ ᠶᠢᠰᠦᠳᠦᠭᠡᠷ ᠰᠠᠷ᠎ᠠ ᠶᠢᠨ 2 ᠤ ᠡᠳᠦᠷ ᠡᠴᠡ ᠡᠷᠡᠭᠦᠦ ᠶᠢᠨ ᠬᠠᠤᠯᠢ ᠶᠢᠨ ᠲᠤᠰᠬᠠᠢ ᠠᠩᠭᠢ ᠳᠤ ᠵᠢᠭᠠᠭᠰᠠᠨ 《ᠦᠨᠳᠦᠰᠦᠨ ᠦ ᠡᠪ ᠨᠢᠭᠡᠳᠦᠯ ᠢ ᠪᠤᠰᠠᠨᠢᠭᠤᠯᠬᠤ》 ᠭᠡᠮᠲᠦ ᠬᠡᠷᠡᠭ ᠲᠦ ᠬᠣᠯᠪᠣᠭᠳᠠᠭᠤᠯᠤᠨ ᠴᠠᠭᠳᠠᠨ ᠬᠣᠷᠢᠭᠠᠳ ᠪᠤᠢ᠃ ᠲᠡᠭᠡᠪᠡᠯ ᠥᠨᠥᠳᠥᠷ ᠰ ∙ ᠮᠣᠯᠣᠷᠡᠷᠳᠡᠨᠢ ᠶᠢᠨ ᠥᠮᠥᠭᠡᠯᠡᠭᠴᠢᠳ ᠦᠨ ᠭᠠᠷᠭᠠᠭᠰᠠᠨ ᠬᠦᠰᠡᠯᠲᠡ ᠶᠢᠨ ᠳᠠᠭᠠᠤ ᠤᠯᠠᠭᠠᠨᠪᠠᠭᠠᠲᠤᠷ ᠬᠣᠲᠠ ᠶᠢᠨ ᠨᠤᠲᠤᠭ ᠳᠡᠪᠢᠰᠬᠡᠷ ᠡᠴᠡ ᠭᠠᠷᠴᠤ ᠶᠠᠪᠤᠬᠤ ᠶᠢ ᠬᠣᠷᠢᠭᠯᠠᠵᠤ᠂ ᠴᠠᠭᠳᠠᠨ ᠬᠣᠷᠢᠭ᠎ᠠ ᠶᠢ ᠴᠤᠴᠠᠯᠠᠬᠤ ᠰᠢᠢᠳᠪᠦᠷᠢ ᠶᠢ ᠳᠡᠭᠦᠷᠭᠡ ᠶᠢᠨ ᠡᠷᠡᠭᠦᠦ ᠢᠷᠭᠡᠨ ᠦ ᠬᠡᠷᠡᠭ ᠦᠨ ᠬᠢᠯᠪᠠᠷ ᠠᠵᠢᠯᠯᠠᠭᠠᠨ ᠤ ᠠᠩᠬᠠᠨ ᠱᠠᠲᠤᠨ ᠤ ᠲᠣᠭᠣᠷᠢᠭ ᠤᠨ ᠰᠢᠭᠦᠬᠦ ᠡᠴᠡ ᠭᠠᠷᠭᠠᠵᠠᠢ ᠃
ᠰᠢᠭᠦᠬᠦ ᠶᠢᠨ ᠰᠢᠢᠳᠪᠦᠷᠢ ᠶᠢᠨ ᠲᠠᠯ᠎ᠠ ᠪᠠᠷ ᠲᠤᠰ ᠰᠢᠭᠦᠬᠦ ᠶᠢᠨ ᠶᠡᠷᠦᠩᠬᠡᠢ ᠰᠢᠭᠦᠭᠴᠢ ᠪ ∙ ᠬᠠᠯᠢᠭᠤᠨ ᠤ ᠪᠢᠴᠢᠭᠰᠡᠨ ᠲᠣᠢᠮᠣ ᠶᠢ ᠬᠦᠷᠭᠡᠵᠦ ᠪᠠᠢᠨ᠎ᠠ᠄ ᠨᠡᠢᠰᠯᠡᠯ ᠦᠨ ᠫᠷᠣᠺᠦ᠋ᠷᠣᠷ ᠤᠨ ᠭᠠᠵᠠᠷ ᠠᠴᠠ ᠶᠠᠯᠠᠯᠠᠭᠳᠠᠭᠴᠢ ᠰ ∙ ᠮᠣᠯᠣᠷᠡᠷᠳᠡᠨᠢ ᠳᠦ ᠡᠷᠡᠭᠦᠦ ᠶᠢᠨ ᠬᠠᠤᠯᠢ ᠶᠢᠨ ᠲᠤᠰᠬᠠᠢ ᠠᠩᠭᠢ ᠳᠤ ᠵᠢᠭᠠᠭᠰᠠᠨ 《ᠦᠨᠳᠦᠰᠦᠨ ᠦ ᠡᠪ ᠨᠢᠭᠡᠳᠦᠯ ᠢ ᠪᠤᠰᠠᠨᠢᠭᠤᠯᠬᠤ》ᠭᠡᠮᠲᠦ ᠬᠡᠷᠡᠭ ᠲᠦ ᠬᠣᠯᠪᠣᠭᠳᠠᠭᠤᠯᠤᠨ ᠡᠷᠡᠭᠦᠦ ᠶᠢᠨ ᠬᠡᠷᠡᠭ ᠡᠭᠦᠰᠬᠡᠵᠦ ᠶᠠᠯᠠᠯᠠᠭᠳᠠᠭᠴᠢ ᠪᠠᠷ ᠲᠠᠲᠠᠨ᠂ ᠲᠡᠭᠦᠨ ᠳᠦ ᠠᠪᠤᠭᠰᠠᠨ ᠴᠠᠭᠳᠠᠨ ᠬᠤᠷᠢᠬᠤ ᠲᠠᠰᠤᠯᠤᠨ ᠰᠡᠷᠭᠡᠢᠢᠯᠡᠬᠦ ᠠᠷᠭ᠎ᠠ ᠬᠡᠮᠵᠢᠶᠡᠨ ᠦ ᠬᠤᠭᠤᠴᠠᠭ᠎ᠠ ᠶᠢ ᠰᠤᠩᠭᠠᠬᠤ ᠰᠠᠨᠠᠯ ᠢᠷᠡᠭᠦᠯᠦᠭᠰᠡᠨ ᠢ ᠰᠢᠭᠦᠬᠦ ᠬᠢᠨᠠᠨ ᠬᠡᠯᠡᠯᠴᠡᠭᠡᠳ ᠫᠷᠣᠺᠦ᠋ᠷᠣᠷ ᠤᠨ ᠰᠠᠨᠠᠯ ᠢ ᠬᠠᠩᠭᠠᠵᠤ ᠰᠢᠢᠳᠪᠦᠷᠢᠯᠡᠵᠡᠢ᠃
ᠰᠢᠭᠦᠭᠴᠢ ᠶᠢᠨ ᠵᠠᠬᠢᠷᠤᠮᠵᠢ ᠶᠢ ᠡᠰᠡ ᠵᠥᠪᠰᠢᠶᠡᠷᠡᠵᠦ᠂ ᠶᠠᠯᠠᠯᠠᠭᠳᠠᠭᠴᠢ ᠶᠢᠨ ᠥᠮᠥᠭᠡᠯᠡᠭᠴᠢ ᠨᠠᠷ ᠤᠨ ᠭᠠᠷᠭᠠᠭᠰᠠᠨ ᠭᠣᠮᠣᠳᠠᠯ ᠢ ᠶᠡᠷᠦᠩᠬᠡᠢ ᠰᠢᠭᠦᠭᠴᠢ ᠬᠢᠨᠠᠭᠠᠳ ᠬᠡᠷᠡᠭ ᠲᠦ ᠠᠪᠤᠭᠳᠠᠭᠰᠠᠨ ᠪᠠᠷᠢᠮᠲᠠ᠂ ᠶᠠᠯᠠᠯᠠᠭᠳᠠᠭᠴᠢ ᠶᠢᠨ ᠡᠷᠡᠭᠦᠯ ᠮᠡᠨᠳᠦ ᠶᠢᠨ ᠪᠠᠢᠳᠠᠯ ᠢ ᠬᠠᠷᠠᠭᠠᠯᠵᠠᠨ ᠲᠡᠭᠦᠨ ᠳᠦ ᠠᠪᠤᠭᠰᠠᠨ ᠴᠠᠭᠳᠠᠨ ᠬᠤᠷᠢᠬᠤ ᠲᠠᠰᠤᠯᠤᠨ ᠰᠡᠷᠭᠡᠢᠢᠯᠡᠬᠦ ᠠᠷᠭ᠎ᠠ ᠬᠡᠮᠵᠢᠶ᠎ᠡ ᠶᠢ ᠥᠭᠡᠷᠡᠴᠢᠯᠡᠵᠦ᠂ ᠫᠷᠣᠺᠦ᠋ᠷᠣᠷ ᠤᠨ ᠰᠠᠨᠠᠯ ᠢ ᠦᠨᠳᠦᠰᠦᠯᠡᠨ ᠶᠠᠯᠠᠯᠠᠭᠳᠠᠭᠴᠢ ᠳᠤ ᠮᠣᠩᠭᠣᠯ ᠤᠯᠤᠰ ᠤᠨ ᠬᠢᠯᠢ ᠪᠡᠷ ᠭᠠᠷᠬᠤ ᠶᠢ ᠬᠢᠵᠠᠭᠠᠷᠯᠠᠬᠤ᠂ ᠤᠯᠠᠭᠠᠨᠪᠠᠭᠠᠲᠤᠷ ᠬᠣᠲᠠ ᠶᠢᠨ ᠨᠤᠲᠤᠭ ᠳᠡᠪᠢᠰᠬᠡᠷ ᠡᠴᠡ ᠭᠠᠷᠴᠤ ᠶᠠᠪᠤᠬᠤ ᠶᠢ᠂ ᠲᠤᠰ ᠬᠡᠷᠡᠭ ᠦᠨ ᠨᠡᠷ᠎ᠡ ᠪᠦᠬᠦᠢ ᠣᠷᠣᠯᠴᠠᠭᠴᠢ᠂ ᠪᠤᠰᠤᠳ ᠣᠷᠣᠯᠴᠠᠭᠴᠢᠳ ᠲᠠᠢ ᠠᠭᠤᠯᠵᠠᠬᠤ᠂ ᠬᠠᠷᠢᠯᠴᠠᠬᠤ᠂ ᠬᠠᠷᠢᠯᠴᠠᠭ᠎ᠠ ᠬᠣᠯᠪᠣᠭ᠎ᠠ ᠲᠣᠭᠲᠠᠭᠠᠬᠤ ᠶᠢ ᠬᠤᠷᠢᠭᠯᠠᠬᠤ ᠬᠢᠵᠠᠭᠠᠷᠯᠠᠯ ᠳᠤ ᠲᠣᠭᠲᠠᠭᠠᠬᠤ ᠲᠠᠰᠤᠯᠤᠨ ᠰᠡᠷᠭᠡᠢᠢᠯᠡᠬᠦ ᠠᠷᠭ᠎ᠠ ᠬᠡᠮᠵᠢᠶ᠎ᠡ ᠠᠪᠴᠤ ᠰᠢᠢᠳᠪᠦᠷᠢᠯᠡᠪᠡ ᠭᠡᠵᠡᠢ᠃



