ᠰᠡᠯᠡᠩᠭᠡ ᠠᠢᠮᠠᠭ ᠲᠤ 162 ᠲᠣᠯᠣᠭᠠᠢ ᠮᠠᠯ ᠪᠠᠭᠠᠪᠠᠭᠠᠢ ᠳᠤ ᠪᠠᠷᠢᠭᠤᠯᠵᠠᠢ | News.MN

ᠰᠡᠯᠡᠩᠭᠡ ᠠᠢᠮᠠᠭ ᠲᠤ 162 ᠲᠣᠯᠣᠭᠠᠢ ᠮᠠᠯ ᠪᠠᠭᠠᠪᠠᠭᠠᠢ ᠳᠤ ᠪᠠᠷᠢᠭᠤᠯᠵᠠᠢ

ᠰᠡᠯᠡᠩᠭᠡ ᠠᠢᠮᠠᠭ ᠤᠨ 10 ᠰᠤᠮᠤ ᠶᠢᠨ ᠨᠤᠲᠤᠭ ᠳᠡᠪᠢᠰᠬᠡᠷ ᠲᠦ ᠬᠦᠷᠡᠩ ᠪᠠᠭᠠᠪᠠᠭᠠᠢ 86 ᠤᠳᠠᠭ᠎ᠠ ᠦᠵᠡᠭᠳᠡᠵᠦ᠂ ᠨᠡᠢᠲᠡ 162 ᠲᠣᠯᠣᠭᠠᠢ ᠮᠠᠯ ᠪᠠᠷᠢᠵᠤ ᠢᠳᠡᠭᠰᠡᠨ ᠲᠣᠬᠢᠶᠠᠯᠳᠤᠯ ᠪᠦᠷᠢᠳᠬᠡᠭᠳᠡᠵᠡᠢ᠃ ᠡᠭᠦᠰᠦᠭᠰᠡᠨ ᠨᠥᠬᠥᠴᠡᠯ ᠪᠠᠢᠳᠠᠯ ᠲᠠᠢ ᠬᠣᠯᠪᠣᠭᠳᠠᠭᠤᠯᠤᠨ ᠠᠢᠮᠠᠭ ᠤᠨ ᠵᠠᠰᠠᠭ ᠳᠠᠷᠤᠭ᠎ᠠ ᠶᠢᠨ ᠤᠳᠤᠷᠢᠳᠤᠮᠵᠢ ᠶᠢᠨ ᠳᠠᠭᠠᠤ ᠪᠠᠢᠭᠠᠯᠢ ᠣᠷᠴᠢᠨ ᠤ ᠭᠠᠵᠠᠷ ᠠᠴᠠ ᠣᠨᠴᠠᠭᠠᠢ ᠪᠠᠢᠳᠠᠯ ᠤᠨ ᠭᠠᠵᠠᠷ᠂ ᠲᠠᠩᠨᠠᠭᠤᠯ ᠤᠨ ᠭᠠᠵᠠᠷ᠂ ᠴᠠᠭᠳᠠᠭ᠎ᠠ ᠶᠢᠨ ᠭᠠᠵᠠᠷ ᠪᠣᠯᠤᠨ ᠮᠠᠯ ᠡᠮᠨᠡᠯᠭᠡ ᠶᠢᠨ ᠭᠠᠵᠠᠷ ᠲᠠᠢ ᠬᠠᠮᠲᠤᠷᠠᠭᠰᠠᠨ ᠰᠢᠭᠤᠷᠬᠠᠢ ᠠᠵᠢᠯ ᠤᠨ ᠬᠡᠰᠡᠭ ᠪᠠᠢᠭᠤᠯᠤᠨ ᠠᠵᠢᠯᠯᠠᠵᠤ ᠪᠠᠢᠨ᠎ᠠ᠃

ᠠᠵᠢᠯ ᠤᠨ ᠬᠡᠰᠡᠭ ᠢᠷᠭᠡᠳ ᠡᠴᠡ ᠢᠷᠡᠭᠦᠯᠦᠭᠰᠡᠨ ᠳᠠᠭᠤᠳᠠᠯᠭ᠎ᠠ ᠮᠡᠳᠡᠭᠡᠯᠡᠯ ᠦᠨ ᠳᠠᠭᠠᠤ ᠬᠦᠷᠡᠩ ᠪᠠᠭᠠᠪᠠᠭᠠᠢ ᠬᠠᠮᠤᠭ ᠤᠨ ᠶᠡᠬᠡ ᠦᠵᠡᠭᠳᠡᠭᠰᠡᠨ ᠵᠢᠪᠬᠤᠯᠠᠩᠲᠤ᠂ ᠬᠥᠳᠡᠷ ᠰᠤᠮᠤ ᠪᠣᠯᠤᠨ ᠪᠤᠭᠤᠨᠲᠤ ᠲᠣᠰᠬᠣᠨ ᠳᠤ ᠭᠠᠵᠠᠷ ᠳᠡᠭᠡᠷ᠎ᠡ ᠨᠢ ᠠᠵᠢᠯᠯᠠᠵᠤ᠂ ᠨᠥᠬᠥᠴᠡᠯ ᠪᠠᠢᠳᠠᠯ ᠢ ᠰᠢᠯᠭᠠᠨ᠂ ᠬᠣᠯᠪᠣᠭᠳᠠᠬᠤ ᠰᠢᠭᠤᠷᠬᠠᠢ ᠠᠷᠭ᠎ᠠ ᠬᠡᠮᠵᠢᠶ᠎ᠡ ᠶᠢ ᠠᠪᠴᠠᠢ᠃

ᠠᠯᠪᠠᠨ ᠤ ᠬᠢᠨ ᠤ ᠮᠡᠳᠡᠭᠡᠯᠡᠭᠰᠡᠨ ᠢᠶᠡᠷ᠂ ᠠᠩ ᠠᠮᠢᠲᠠᠳ ᠡᠪᠦᠯ ᠦᠨ ᠢᠴᠡᠭᠡᠨ ᠳᠦ ᠪᠡᠨ ᠣᠷᠣᠬᠤ ᠶᠢᠨ ᠡᠮᠦᠨ᠎ᠡ ᠢᠳᠡᠰᠢ ᠲᠡᠵᠢᠭᠡᠯ ᠢᠶᠡᠨ ᠨᠥᠭᠡᠴᠡᠯᠡᠬᠦ ᠲᠡᠢ ᠬᠣᠯᠪᠣᠭᠠᠲᠠᠢ ᠪᠠᠷ ᠰᠡᠭᠦᠯ ᠦᠨ ᠦᠶ᠎ᠡ ᠳᠦ ᠪᠠᠭᠠᠪᠠᠭᠠᠢ ᠵᠡᠷᠭᠡ ᠠᠮᠢᠲᠠᠳ ᠰᠠᠭᠤᠷᠢᠰᠢᠯ ᠤᠨ ᠪᠥᠰᠡ ᠪᠣᠯᠤᠨ ᠮᠠᠯ ᠤᠨ ᠪᠡᠯᠴᠢᠭᠡᠷ ᠲᠦ  ᠦᠵᠡᠭ᠍ᠳᠡᠬᠦ ᠲᠣᠬᠢᠶᠠᠯᠳᠤᠯ ᠨᠡᠮᠡᠭᠳᠡᠵᠡᠢ᠃

ᠰᠡᠳᠬᠢᠭᠳᠡᠯ ᠦᠯᠡᠳᠡᠭᠡᠬᠦ