ᠰᠣᠩᠭᠢᠨ᠎ᠠ ᠬᠠᠢᠷᠬᠠᠨ ᠳᠡᠭᠦᠷᠭᠡ ᠶᠢᠨ ᠨᠤᠲᠤᠭ ᠳᠡᠪᠢᠰᠬᠡᠷ ᠲᠦ ᠵᠤᠰᠠᠯᠠᠩ ᠤᠨ ᠪᠠᠢᠷᠢ ᠤᠷᠤᠭᠤ ᠪᠠᠨ ᠶᠠᠪᠤᠵᠤ ᠪᠠᠢᠭᠰᠠᠨ ᠡᠬᠡᠨᠡᠷ᠂ ᠨᠥᠬᠥᠷ ᠢ ᠪᠠᠷᠢᠴᠠᠭᠠᠯᠠᠵᠤ᠂ ᠶᠡᠬᠡ ᠬᠡᠮᠵᠢᠶᠡᠨ ᠦ ᠮᠥᠩᠭᠥ ᠨᠡᠬᠡᠭᠰᠡᠨ ᠬᠡᠷᠡᠭ ᠭᠠᠷᠴᠠᠢ᠃ ᠡᠨᠡ ᠰᠠᠷ᠎ᠠ ᠶᠢᠨ 9 ᠦ ᠡᠳᠦᠷ 《ᠮᠧᠷᠰᠧᠳᠧᠰ-ᠪᠧᠨ᠋ᠽ》 ᠮᠠᠷᠺ ᠤᠨ ᠮᠠᠰᠢᠨ ᠲᠡᠷᠭᠡ ᠲᠠᠢ ᠪᠠᠨ ᠵᠤᠰᠠᠯᠠᠩ ᠤᠷᠤᠭᠤ ᠪᠠᠨ ᠶᠠᠪᠤᠵᠤ ᠪᠠᠢᠬᠤ ᠦᠶ᠎ᠡ ᠳᠦ ᠨᠢ ᠬᠣᠶᠠᠷ ᠡᠲᠡᠭᠡᠳ ᠬᠢᠲᠤᠭ᠎ᠠ ᠲᠤᠯᠭᠠᠨ ᠰᠦᠷᠳᠡᠭᠦᠯᠵᠦ᠂ 1.5 ᠲᠡᠷᠪᠤᠮ ᠲᠥᠭᠥᠷᠢᠭ ᠥᠭᠬᠦ ᠶᠢ ᠱᠠᠭᠠᠷᠳᠠᠵᠤ᠂ ᠡᠮᠡᠭᠲᠡᠢ ᠶᠢ ᠨᠢ ᠠᠪᠴᠤ ᠦᠯᠡᠳᠡᠨ᠂ ᠨᠥᠬᠥᠷ ᠢᠶᠡᠷ ᠨᠢ 300 ᠮᠢᠩᠭᠠᠨ ᠳ᠋ᠣᠯᠯᠠᠷ ᠪᠣᠯᠤᠨ ᠲᠡᠭᠦᠨ ᠲᠡᠢ ᠲᠡᠩᠴᠡᠬᠦ ᠬᠡᠮᠵᠢᠶᠡᠨ ᠦ ᠶᠤᠸᠠᠨ ᠪᠡᠯᠡᠳᠬᠡᠭᠦᠯᠬᠦ ᠶᠢ ᠱᠠᠭᠠᠷᠳᠠᠵᠠᠢ᠃ ᠮᠥᠨ ᠮᠥᠩᠭᠥ ᠶᠢ ᠶᠢᠰᠦᠳᠦᠭᠡᠷ ᠰᠠᠷ᠎ᠠ ᠶᠢᠨ 11 ᠦ ᠡᠳᠦᠷ ᠬᠦᠯᠢᠶᠡᠨ ᠠᠪᠬᠤ ᠪᠠᠷ ᠲᠣᠬᠢᠷᠠᠭᠰᠠᠨ ᠪᠠᠢᠨ᠎ᠠ᠃
ᠴᠠᠭᠳᠠᠭ᠎ᠠ ᠶᠢᠨ ᠪᠠᠢᠭᠤᠯᠤᠯᠭ᠎ᠠ ᠠᠴᠠ ᠰᠢᠭᠤᠷᠬᠠᠢ ᠠᠵᠢᠯᠯᠠᠭ᠎ᠠ ᠶᠠᠪᠤᠭᠤᠯᠤᠭᠰᠠᠨ ᠤ ᠦᠷ᠎ᠡ ᠳ᠋ᠦᠩ ᠳᠦ ᠤᠭ ᠬᠡᠷᠡᠭ ᠢ ᠦᠢᠯᠡᠳᠦᠭᠰᠡᠨ ᠭᠡᠬᠦ 35 ᠨᠠᠰᠤ ᠲᠠᠢ ᠬᠣᠶᠠᠷ ᠡᠲᠡᠭᠡᠳ ᠢ ᠰᠠᠭᠠᠲᠠᠭᠤᠯᠵᠤ᠂ ᠪᠠᠷᠢᠴᠠᠭᠠᠯᠠᠭᠳᠠᠭᠰᠠᠨ ᠢᠷᠭᠡᠳ ᠢ ᠡᠰᠡᠨ ᠮᠡᠨᠳᠦ ᠰᠤᠯᠠᠯᠠᠨ ᠠᠪᠴᠠᠢ᠃ ᠮᠥᠷᠳᠡᠨ ᠰᠢᠯᠭᠠᠬᠤ ᠠᠵᠢᠯᠯᠠᠭᠠᠨ ᠤ ᠶᠠᠪᠤᠴᠠ ᠳᠤ ᠰᠡᠵᠢᠭ ᠲᠡᠢ ᠡᠲᠡᠭᠡᠳ ᠦᠳ ᠤᠭ ᠬᠡᠷᠡᠭ ᠢ ᠨᠡᠯᠢᠶᠡᠳ ᠡᠷᠲᠡᠨ ᠡᠴᠡ ᠲᠥᠯᠥᠪᠯᠡᠵᠦ᠂ ᠳᠡᠭᠡᠷᠡᠬᠢ ᠬᠣᠶᠠᠷ ᠢᠷᠭᠡᠨ ᠢ ᠪᠠᠷᠢᠴᠠᠭᠠᠯᠠᠨ ᠮᠥᠩᠭᠥ ᠨᠡᠬᠡᠭᠰᠡᠨ ᠢᠶᠡᠨ ᠬᠦᠯᠢᠶᠡᠨ ᠮᠡᠳᠡᠭᠦᠯᠦᠭᠰᠡᠨ ᠭᠡᠬᠦ ᠮᠡᠳᠡᠭᠡᠯᠡᠯ ᠪᠠᠢᠨ᠎ᠠ᠃



