ᠠᠩ ᠠᠩᠨᠠᠭᠤᠷ ᠤᠨ ᠠᠶᠠᠯᠠᠯ ᠵᠣᠬᠢᠶᠠᠨ ᠪᠠᠢᠭᠤᠯᠳᠠᠭ 《Great European Hunts》 ᠪᠠᠢᠭᠤᠯᠤᠯᠭ᠎ᠠ ᠥᠪᠡᠷᠰᠡᠳ ᠦᠨ ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠮᠣᠩᠭᠣᠯ ᠤᠯᠤᠰ ᠤᠨ ᠬᠣᠢᠲᠤ ᠠᠯᠲᠠᠢ ᠳᠤ ᠠᠷᠭᠠᠯᠢ ᠠᠩᠨᠠᠭᠰᠠᠨ ᠲᠤᠬᠠᠢ ᠶᠢ ᠪᠠᠨ ᠮᠡᠳᠡᠭᠡᠯᠡᠵᠦ᠂ ᠭᠡᠷᠡᠯ ᠵᠢᠷᠤᠭ ᠪᠣᠯᠤᠨ ᠪᠢᠴᠢᠯᠭᠡ ᠨᠦᠭᠦᠳ ᠢ ᠨᠡᠢᠲᠡᠯᠡᠭᠰᠡᠨ ᠨᠢ ᠣᠯᠠᠨ ᠨᠡᠢᠲᠡ ᠶᠢᠨ ᠰᠦᠯᠵᠢᠶᠡᠨ ᠳᠦ ᠲᠠᠷᠬᠠᠵᠤ᠂ ᠢᠷᠭᠡᠳ ᠦᠨ ᠠᠩᠬᠠᠷᠤᠯ ᠢ ᠲᠠᠲᠠᠭᠠᠳ ᠪᠠᠢᠨ᠎ᠠ᠃
ᠵᠠᠰᠠᠭ ᠤᠨ ᠭᠠᠵᠠᠷ ᠠᠴᠠ ᠵᠢᠯ ᠪᠦᠷᠢ ᠲᠤᠰᠬᠠᠢ ᠵᠣᠷᠢᠭᠤᠯᠤᠯᠲᠠ ᠪᠠᠷ ᠠᠩᠨᠠᠬᠤ ᠠᠮᠢᠲᠠᠳ ᠤᠨ ᠲᠣᠭ᠎ᠠ ᠬᠡᠮᠵᠢᠶ᠎ᠡ ᠶᠢ ᠲᠣᠭᠲᠠᠭᠠᠳᠠᠭ ᠪᠥᠭᠡᠳ 2026 ᠣᠨ ᠳᠤ ᠤᠭᠠᠯᠵᠠ ᠪᠣᠯᠤᠨ ᠲᠡᠬᠡ ᠶᠢᠨ ᠠᠩᠨᠠᠭᠤᠷ ᠤᠨ ᠺᠤᠸᠤᠲ ᠢ ᠨᠡᠮᠡᠭᠳᠡᠭᠦᠯᠦᠭᠰᠡᠨ ᠪᠠᠢᠨ᠎ᠠ᠃ ᠠᠩᠬ᠎ᠠ ᠵᠠᠰᠠᠭ ᠤᠨ ᠭᠠᠵᠠᠷ ᠤᠨ 2026 ᠣᠨ ᠤ 195 ᠳ᠋ᠤᠭᠠᠷ ᠲᠣᠭᠲᠠᠭᠠᠯ ᠢᠶᠠᠷ 85 ᠤᠭᠠᠯᠵᠠ᠂ 132 ᠲᠡᠬᠡ᠂ 83 ᠬᠠᠯᠢᠭᠤᠨ ᠪᠤᠭᠤ ᠠᠩᠨᠠᠭᠤᠯᠬᠤ ᠪᠠᠷ ᠵᠥᠪᠰᠢᠶᠡᠷᠡᠯ ᠣᠯᠭᠤᠭᠠᠳ ᠪᠠᠢᠭ᠌ᠰᠠᠨ ᠴᠤ ᠳᠣᠯᠣᠳᠤᠭᠠᠷ ᠰᠠᠷ᠎ᠠ ᠶᠢᠨ 29 ᠦ ᠡᠳᠦᠷ ᠦᠨ ᠵᠠᠰᠠᠭ ᠤᠨ ᠭᠠᠵᠠᠷ ᠤᠨ 321 ᠳ᠋ᠤᠭᠡᠷ ᠲᠣᠭᠲᠠᠭᠠᠯ ᠢᠶᠠᠷ ᠳᠡᠭᠡᠷᠡᠬᠢ ᠺᠤᠸᠤᠲ ᠳᠤ ᠥᠭᠡᠷᠡᠴᠢᠯᠡᠯᠲᠡ ᠣᠷᠣᠭᠤᠯᠵᠤ᠂ ᠠᠩᠨᠠᠬᠤ ᠲᠣᠭ᠎ᠠ ᠬᠡᠮᠵᠢᠶ᠎ᠡ ᠶᠢ ᠨᠡᠮᠡᠭᠳᠡᠭᠦᠯᠦᠭᠰᠡᠨ ᠪᠠᠢᠨ᠎ᠠ᠃



