ᠮᠣᠩᠭᠣᠯ ᠤᠨ ᠬᠥᠷᠥᠩᠭᠡ ᠶᠢᠨ ᠪᠢᠷᠵᠢ ᠶᠢᠨ ᠦᠨᠡᠲᠦ ᠴᠠᠭᠠᠰᠤᠨ ᠤ ᠵᠠᠬ᠎ᠠ ᠵᠡᠭᠡᠯᠢ ᠶᠢᠨ ᠠᠷᠠᠯᠵᠢᠶ᠎ᠠ ᠪᠠᠷ ᠡᠨᠡ ᠣᠨ ᠤ ᠡᠬᠢᠨ ᠦ 8 ᠰᠠᠷ᠎ᠠ ᠳᠤ ᠨᠢᠭᠡ ᠶᠡᠬᠡ ᠨᠠᠶᠤᠳ ᠲᠥᠭᠥᠷᠢᠭ ᠦᠨ ᠭᠦᠢᠯᠭᠡᠭᠡ ᠬᠢᠵᠡᠢ᠃ ᠡᠨᠡ ᠨᠢ ᠥᠩᠭᠡᠷᠡᠭᠰᠡᠨ ᠣᠨ ᠤ ᠮᠥᠨ ᠦᠶ᠎ᠡ ᠡᠴᠡ 73.4 ᠬᠤᠪᠢ ᠪᠤᠶᠤ 437.1 ᠲᠡᠷᠪᠤᠮ ᠲᠥᠭᠥᠷᠢᠭ ᠢᠶᠡᠷ ᠨᠡᠭᠡᠭᠡᠭᠳᠡᠭᠰᠡᠨ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠯ᠎ᠡ᠃
ᠦᠨᠡᠲᠦ ᠴᠠᠭᠠᠰᠤᠨ ᠤ ᠨᠡᠢᠲᠡ ᠭᠦᠢᠯᠭᠡᠭᠡᠨ ᠦ 62.6 ᠬᠤᠪᠢ ᠪᠤᠶᠤ 646.9 ᠲᠡᠷᠪᠤᠮ ᠲᠥᠭᠥᠷᠢᠭ ᠬᠤᠪᠢ ᠨᠢ ᠠᠩᠬᠠᠳᠠᠭᠴᠢ᠂ 37.4 ᠬᠤᠪᠢ ᠪᠤᠶᠤ 385.7 ᠲᠡᠷᠪᠤᠮ ᠲᠥᠭᠥᠷᠢᠭ ᠨᠢ ᠬᠣᠶᠠᠳᠠᠭᠴᠢ ᠵᠠᠬ᠎ᠠ ᠵᠡᠭᠡᠯᠢ ᠶᠢᠨ ᠭᠦᠢᠯᠭᠡᠭᠡ ᠪᠠᠢᠨ᠎ᠠ᠃ ᠭᠦᠢᠯᠭᠡᠭᠡᠨ ᠦ 51.1 ᠬᠤᠪᠢ ᠶᠢ ᠺᠣᠮᠫᠠᠨᠢ ᠶᠢᠨ ᠪᠤᠨᠳ᠋᠂ 18.6 ᠬᠤᠪᠢ ᠶᠢ ᠺᠣᠮᠫᠠᠨᠢ ᠶᠢᠨ ᠬᠤᠪᠢᠴᠠᠭ᠎ᠠ᠂ 16.1 ᠬᠤᠪᠢ ᠶᠢ ᠵᠠᠰᠠᠭ ᠤᠨ ᠭᠠᠵᠠᠷ ᠤᠨ ᠪᠤᠨᠳ᠋᠂ 13.9 ᠬᠤᠪᠢ ᠶᠢ ᠬᠥᠷᠥᠩᠭᠡ ᠪᠡᠷ ᠪᠠᠲᠤᠯᠠᠭᠠᠵᠢᠭᠰᠠᠨ ᠦᠨᠡᠲᠦ ᠴᠠᠭᠠᠰᠤ᠂ 0.2 ᠬᠤᠪᠢ ᠶᠢ ᠬᠥᠷᠥᠩᠭᠡ ᠣᠷᠣᠭᠤᠯᠤᠯᠲᠠ ᠶᠢᠨ ᠰᠠᠩ ᠤᠨ ᠨᠢᠭᠡᠴᠡ ᠡᠷᠬᠡ ᠲᠤᠰ ᠲᠤᠰ ᠡᠵᠡᠯᠡᠵᠡᠢ᠃
ᠲᠤᠫ -20 ᠳᠤᠮᠳᠠᠴᠢ ᠢᠨᠳᠧᠺᠰ ᠡᠨᠡ ᠣᠨ ᠤ 8 ᠳ᠋ᠤᠭᠠᠷ ᠰᠠᠷ᠎ᠠ ᠳᠤ 56038.4 ᠨᠢᠭᠡᠴᠡ ᠪᠣᠯᠵᠤ᠂ ᠥᠩᠭᠡᠷᠡᠭᠰᠡᠨ ᠣᠨ ᠤ ᠮᠥᠨ ᠦᠶ᠎ᠡ ᠡᠴᠡ 7224᠂ ᠡᠮᠦᠨᠡᠬᠢ ᠰᠠᠷ᠎ᠠ ᠶᠢᠨ ᠬᠢ ᠠᠴᠠ 3373.9 ᠨᠢᠭᠡᠴᠡ ᠪᠡᠷ ᠨᠡᠮᠡᠭᠳᠡᠯ᠎ᠡ᠃



