ᠪ ∙ ᠪᠠᠲᠤᠡᠷᠳᠡᠨᠢ᠄ ᠮᠣᠩᠭᠣᠯ ᠢ ᠲᠥᠯᠦᠭᠡᠯᠡᠵᠦ ᠪᠤᠢ ᠬᠢᠲᠠᠳ ᠮᠢᠰᠰ ᠢ ᠲᠡᠮᠡᠴᠡᠭᠡᠨ ᠡᠴᠡ ᠨᠢ ᠬᠠᠰᠤᠭᠤᠯᠬᠤ ᠪᠠᠷ ᠠᠵᠢᠯᠯᠠᠵᠤ ᠪᠠᠢᠨ᠎ᠠ | News.MN

ᠪ ∙ ᠪᠠᠲᠤᠡᠷᠳᠡᠨᠢ᠄ ᠮᠣᠩᠭᠣᠯ ᠢ ᠲᠥᠯᠦᠭᠡᠯᠡᠵᠦ ᠪᠤᠢ ᠬᠢᠲᠠᠳ ᠮᠢᠰᠰ ᠢ ᠲᠡᠮᠡᠴᠡᠭᠡᠨ ᠡᠴᠡ ᠨᠢ ᠬᠠᠰᠤᠭᠤᠯᠬᠤ ᠪᠠᠷ ᠠᠵᠢᠯᠯᠠᠵᠤ ᠪᠠᠢᠨ᠎ᠠ

ᠣᠯᠠᠨ ᠤᠯᠤᠰ ᠤᠨ ᠭᠣᠸ᠎ᠠ ᠪᠦᠰᠡᠭᠦᠢᠴᠦᠳ ᠭᠣᠸ᠎ᠠ ᠦᠵᠡᠰᠬᠦᠯᠡᠩ᠂ ᠤᠷ᠎ᠠ ᠴᠢᠳᠠᠪᠤᠷᠢ᠂ ᠨᠡᠢᠭᠡᠮ ᠤᠨ ᠠᠰᠠᠭᠤᠳᠠᠯ ᠤᠳ ᠤᠨ ᠲᠠᠯ᠎ᠠ ᠪᠠᠷ ᠬᠡᠯᠡᠯᠴᠡᠳᠡᠭ 《Miss Grand Internatianol》 ᠲᠡᠮᠡᠴᠡᠭᠡᠨ ᠲᠠᠢᠯᠠᠨᠳ᠋ ᠤᠯᠤᠰ ᠲᠤ ᠦᠷᠭᠦᠯᠵᠢᠯᠡᠵᠦ ᠪᠤᠢ᠃ ᠤᠭ ᠲᠡᠮᠡᠴᠡᠭᠡᠨ ᠦ ᠣᠷᠣᠯᠴᠠᠭᠴᠢᠳ ᠤᠨ ᠲᠠᠨᠢᠯᠴᠠᠭᠤᠯᠭ᠎ᠠ ᠶᠢᠨ ᠦᠶ᠎ᠡ ᠪᠡᠷ ᠮᠣᠩᠭᠣᠯ ᠤᠯᠤᠰ ᠢ ᠲᠥᠯᠦᠭᠡᠯᠡᠵᠦ Amber Yuhan ᠭᠡᠬᠦ ᠡᠮᠡᠭᠲᠡᠢ ᠣᠷᠣᠯᠴᠠᠵᠠᠢ᠃

ᠡᠨᠡ ᠣᠨ ᠳᠤ ᠳᠡᠭᠡᠷᠡᠬᠢ ᠲᠡᠮᠡᠴᠡᠭᠡᠨ ᠦ ᠤᠷᠢᠳᠴᠢᠯᠠᠭᠰᠠᠨ ᠱᠠᠲᠤᠨ ᠤ ᠰᠣᠩᠭᠣᠨ ᠰᠢᠯᠭᠠᠷᠠᠭᠤᠯᠤᠯᠲᠠ ᠮᠣᠩᠭᠣᠯ ᠤᠯᠤᠰ ᠲᠤ ᠵᠣᠬᠢᠶᠠᠨ ᠪᠠᠢᠭᠤᠯᠤᠭᠳᠠᠭ᠎ᠠ ᠦᠭᠡᠢ ᠪᠢᠯᠡ᠃ ᠲᠡᠢᠮᠦ ᠡᠴᠡ ᠥᠭᠡᠷ᠎ᠡ ᠤᠯᠤᠰ ᠤᠨ ᠢᠷᠭᠡᠨ ᠮᠣᠩᠭᠣᠯ ᠤᠯᠤᠰ ᠤᠨ ᠨᠡᠷ᠎ᠡ ᠶᠢᠨ ᠡᠮᠦᠨ᠎ᠡ ᠡᠴᠡ ᠣᠷᠣᠯᠴᠠᠵᠤ ᠪᠠᠢᠭ᠎ᠠ ᠨᠢ ᠴᠠᠬᠢᠮ ᠤᠷᠴᠢᠨ ᠳᠤ ᠮᠠᠷᠭᠤᠭᠠᠨ ᠳᠠᠭᠠᠭᠤᠯᠵᠤ ᠪᠤᠢ᠃

ᠡᠨᠡ ᠠᠰᠠᠭᠤᠳᠠᠯ  ᠢᠶᠠᠷ ᠰᠣᠶᠣᠯ ᠰᠫᠤᠷᠲ ᠠᠶᠠᠯᠠᠯ ᠵᠢᠭᠤᠯᠴᠢᠯᠠᠯ ᠤᠨ ᠶᠠᠮᠤᠨ  ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠪ ∙ ᠪᠠᠲᠤᠡᠷᠳᠡᠨᠢ ᠮᠡᠳᠡᠭᠡᠯᠡᠯ ᠥᠭᠭᠦᠯ᠎ᠡ᠃ ᠲᠡᠷᠡᠪᠡᠷ ᠄《ᠡᠨᠡ ᠠᠰᠠᠭᠤᠳᠠᠯ ᠲᠠᠢ ᠬᠣᠯᠪᠣᠭᠠᠲᠠᠢ ᠪᠠᠷ ᠲᠤᠬᠠᠢ ᠶᠢᠨ ᠤᠯᠤᠰ ᠲᠤ ᠰᠠᠭᠤᠭ᠎ᠠ ᠡᠯᠴᠢᠨ ᠰᠠᠢᠳ ᠤᠨ ᠶᠠᠮᠤᠨ ᠪᠣᠯᠤᠨ ᠭᠠᠳᠠᠭᠠᠳᠤ ᠶᠢᠨ ᠬᠠᠷᠢᠯᠴᠠᠭᠠᠨ ᠤ ᠶᠠᠮᠤᠨ ᠳᠤ ᠬᠠᠨᠳᠤᠭᠰᠠᠨ᠃ ᠮᠠᠨ ᠤ ᠰᠠᠢᠳ ᠡᠨᠡ ᠠᠰᠠᠭᠤᠳᠠᠯ ᠢ ᠬᠢᠨᠠᠯᠲᠠᠨ ᠳᠤ ᠪᠠᠨ ᠠᠪᠤᠭᠠᠳ ᠲᠠᠢᠯᠠᠨᠳ᠋ ᠤᠯᠤᠰ ᠤᠨ ᠭᠠᠳᠠᠭᠠᠳᠤ ᠬᠡᠷᠡᠭ ᠦᠨ ᠰᠠᠢᠳ ᠲᠤ ᠠᠯᠪᠠᠨ ᠪᠢᠴᠢᠭ ᠶᠠᠪᠤᠭᠤᠯᠤᠭᠰᠠᠨ ᠪᠠᠢᠭ᠎ᠠ》ᠬᠡᠮᠡᠨ ᠶᠠᠷᠢᠯ᠎ᠠ᠃

ᠰᠡᠳᠬᠢᠭᠳᠡᠯ ᠦᠯᠡᠳᠡᠭᠡᠬᠦ