ᠮᠠᠯ ᠤᠨ ᠬᠥᠯ  ᠳᠦ ᠳᠠᠷᠤᠭᠳᠠᠭᠰᠠᠨ ᠪᠤᠯᠠᠭ ᠤᠨ ᠡᠬᠢ ᠶᠢ ᠰᠡᠷᠭᠦᠭᠡᠨ ᠵᠠᠰᠠᠪᠤᠷᠢᠯᠠᠵᠠᠢ | News.MN

ᠮᠠᠯ ᠤᠨ ᠬᠥᠯ  ᠳᠦ ᠳᠠᠷᠤᠭᠳᠠᠭᠰᠠᠨ ᠪᠤᠯᠠᠭ ᠤᠨ ᠡᠬᠢ ᠶᠢ ᠰᠡᠷᠭᠦᠭᠡᠨ ᠵᠠᠰᠠᠪᠤᠷᠢᠯᠠᠵᠠᠢ

ᠮᠣᠩᠭᠣᠯ ᠤᠨ ᠤᠯᠠᠭᠠᠨ ᠵᠠᠭᠠᠯᠮᠠᠢ ᠨᠡᠢᠭᠡᠮᠯᠢᠭ᠂ ᠣᠯᠠᠨ ᠤᠯᠤᠰ ᠤᠨ ᠤᠯᠠᠭᠠᠨ ᠵᠠᠭᠠᠯᠮᠠᠢ᠂ ᠤᠯᠠᠭᠠᠨ ᠬᠠᠪᠢᠷᠭᠠᠨ ᠰᠠᠷᠠ ᠨᠡᠢᠭᠡᠮᠯᠢᠭ ᠦᠳ ᠦᠨ ᠬᠣᠯᠪᠣᠭ᠎ᠠ ᠲᠠᠢ ᠬᠠᠮᠲᠤᠷᠠᠨ᠂ ᠬᠢᠲᠠᠳ ᠤᠨ ᠣᠯᠠᠨ ᠤᠯᠤᠰ ᠤᠨ ᠬᠥᠭᠵᠢᠯ᠂ ᠬᠠᠮᠲᠤ ᠶᠢᠨ ᠠᠵᠢᠯᠯᠠᠭᠠᠨ ᠤ ᠪᠠᠢᠭᠤᠯᠤᠯᠭ᠎ᠠ ᠶᠢᠨ ᠳᠡᠮᠵᠢᠯᠭᠡ ᠪᠡᠷ ᠬᠡᠷᠡᠭᠵᠢᠭᠦᠯᠵᠦ ᠪᠤᠢ 《ᠠᠭᠤᠷ ᠠᠮᠢᠰᠬᠤᠯ ᠤᠨ ᠥᠭᠡᠷᠡᠴᠢᠯᠡᠯᠲᠡ ᠳᠤ ᠳᠠᠰᠤᠨ ᠵᠣᠬᠢᠴᠠᠬᠤ ᠨᠢ》 ᠲᠥᠰᠥᠯ ᠭᠣᠪᠢ-ᠠᠯᠲᠠᠢ ᠠᠢᠮᠠᠭ ᠤᠨ ᠴᠣᠭᠲᠤ᠂ ᠳ᠋ᠠᠷᠢᠪ  ᠰᠤᠮᠤᠨ ᠳᠤ ᠬᠡᠷᠡᠭᠵᠢᠵᠦ ᠪᠠᠢᠨ᠎ᠠ᠃

ᠲᠥᠰᠥᠯ ᠦᠨ ᠬᠢᠨ ᠡᠬᠢᠯᠡᠭᠡᠳ ᠴᠣᠭᠲᠤ ᠰᠤᠮᠤ ᠶᠢᠨ ᠪᠠᠶᠠᠨ-ᠤᠯᠠᠭᠠᠨ ᠪᠠᠭ ᠤᠨ ᠰᠠᠢᠬᠠᠨ ᠡᠪᠡᠰᠦᠲᠦ ᠶᠢᠨ ᠠᠮᠠ ᠬᠡᠮᠡᠬᠦ ᠭᠠᠵᠠᠷ ᠲᠤ ᠮᠠᠯ ᠤᠨ ᠬᠥᠯ ᠳᠦ ᠳᠠᠷᠤᠭᠳᠠᠭᠰᠠᠨ ᠪᠤᠯᠠᠭ ᠤᠨ ᠡᠬᠢ ᠶᠢ ᠰᠡᠷᠭᠦᠭᠡᠨ ᠵᠠᠰᠠᠪᠤᠷᠢᠯᠠᠵᠤ᠂ ᠬᠠᠮᠠᠭᠠᠯᠠᠯᠲᠠ ᠶᠢᠨ ᠬᠠᠰᠢᠶ᠎ᠠ ᠪᠠᠢᠭᠤᠯᠤᠯ᠎ᠠ᠃ ᠮᠥᠨ ᠪᠤᠯᠠᠭ ᠤᠨ ᠤᠰᠤ ᠶᠢ ᠬᠤᠷᠠᠮᠲᠤᠯᠠᠭᠤᠯᠤᠨ ᠠᠰᠢᠭᠯᠠᠬᠤ ᠵᠣᠷᠢᠯᠭ᠎ᠠ ᠪᠠᠷ ᠳᠥᠷᠪᠡᠨ ᠴᠥᠭᠦᠷᠦᠮ ᠪᠠᠢᠭᠤᠯᠤᠭᠰᠠᠨ ᠪᠥᠭᠡᠳ ᠡᠨᠡ ᠬᠦ ᠠᠵᠢᠯ ᠢ ᠲᠤᠬᠠᠢ ᠶᠢᠨ ᠨᠤᠲᠤᠭ ᠤᠨ ᠮᠠᠯᠴᠢᠳ ᠤᠨ ᠥᠪᠡᠷᠰᠡᠳ ᠦᠨ ᠬᠢᠨᠢ ᠣᠷᠣᠯᠴᠠᠭ᠎ᠠ᠂ ᠰᠠᠨᠠᠭᠠᠴᠢᠯᠠᠭ᠎ᠠ ᠳᠤ ᠲᠤᠯᠭᠠᠭᠤᠷᠢᠯᠠᠨ ᠬᠡᠷᠡᠭᠵᠢᠭᠦᠯᠦᠭᠰᠡᠨ ᠶᠤᠮ᠃

ᠰᠡᠳᠬᠢᠭᠳᠡᠯ ᠦᠯᠡᠳᠡᠭᠡᠬᠦ