ᠰᠢᠲᠠᠷᠠᠴᠢᠳ ᠣᠯᠠᠨ ᠤᠯᠤᠰ ᠤᠨ ᠬᠡᠦᠬᠡᠳ ᠦᠨ ᠨᠠᠭᠠᠳᠤᠮ ᠠᠴᠠ ᠮᠥᠩᠭᠥᠨ ᠴᠣᠮᠣ ᠬᠦᠷᠲᠡᠯ᠎ᠡ | News.MN

ᠰᠢᠲᠠᠷᠠᠴᠢᠳ ᠣᠯᠠᠨ ᠤᠯᠤᠰ ᠤᠨ ᠬᠡᠦᠬᠡᠳ ᠦᠨ ᠨᠠᠭᠠᠳᠤᠮ ᠠᠴᠠ ᠮᠥᠩᠭᠥᠨ ᠴᠣᠮᠣ ᠬᠦᠷᠲᠡᠯ᠎ᠡ

ᠣᠷᠣᠰ  ᠤᠨ ᠴᠢᠲ᠋ᠠ ᠬᠣᠲᠠᠨ᠎ᠠ ᠪᠣᠯᠵᠤ ᠪᠤᠢ ᠣᠯᠠᠨ ᠤᠯᠤᠰ ᠤᠨ ᠬᠡᠦᠬᠡᠳ ᠦᠨ ᠰᠫᠣᠷᠲ ᠤᠨ ᠠᠷᠪᠠᠨ ᠬᠣᠶᠠᠳᠤᠭᠠᠷ ᠨᠠᠭᠠᠳᠤᠮ ᠤᠨ ᠰᠢᠲᠠᠷ᠎ᠠ ᠶᠢᠨ ᠪᠠᠭ ᠤᠨ ᠲᠥᠷᠥᠯ ᠳᠦ ᠮᠣᠩᠭᠣᠯ ᠤᠨ ᠰᠢᠲᠠᠷᠠᠴᠢᠳ ᠨᠢᠭᠡ ᠠᠯᠲᠠ᠂ ᠬᠣᠶᠠᠷ ᠮᠥᠩᠭᠥᠨ ᠮᠧᠳᠠᠯ ᠬᠦᠷᠲᠡᠵᠦ᠂ ᠪᠠᠭ ᠤᠨ ᠳ᠋ᠦᠩ ᠢᠶᠡᠷ ᠮᠥᠩᠭᠥᠨ ᠮᠧᠳᠠᠯ᠂ ᠴᠣᠮᠣ ᠶᠢᠨ ᠡᠵᠡᠨ ᠪᠣᠯᠵᠠᠢ᠃

ᠰᠢᠲᠠᠷ᠎ᠠ ᠶᠢᠨ ᠪᠠᠭ ᠤᠨ ᠲᠥᠷᠥᠯ ᠳᠦ ᠮᠣᠩᠭᠣᠯ ᠤᠯᠤᠰ ᠠᠴᠠ ᠨᠢᠭᠡ᠂ ᠴᠢᠲ᠋ᠠ ᠬᠣᠲᠠ ᠠᠴᠠ ᠬᠣᠶᠠᠷ᠂ ᠪᠤᠷᠢᠶᠠᠳ ᠤᠯᠤᠰ ᠠᠴᠠ ᠨᠢᠭᠡ ᠪᠠᠭ ᠣᠷᠣᠯᠴᠠᠭᠰᠠᠨ ᠪᠠᠢᠨ᠎ᠠ᠃ ᠮᠣᠩᠭᠣᠯ ᠤᠨ ᠪᠠᠭ  ᠡᠴᠡ ᠨᠢᠭᠡᠳᠦᠭᠡᠷ ᠰᠢᠷᠡᠭᠡᠨ ᠳᠦ ᠪ ∙ ᠰᠡᠷᠭᠦᠯᠡᠩ᠂ ᠬᠣᠶᠠᠳᠤᠭᠠᠷ ᠰᠢᠷᠡᠭᠡᠨ ᠳᠦ ᠪ ∙ ᠴᠣᠯᠮᠣᠨ᠂ ᠭᠤᠷᠪᠠᠳᠤᠭᠠᠷ ᠰᠢᠷᠡᠭᠡᠨ ᠳᠦ D ∙ ᠴᠡᠯᠮᠡᠭᠦᠨ ᠲᠣᠭᠯᠠᠵᠤ ᠪ ∙ ᠰᠡᠷᠭᠦᠯᠡᠩ ᠠᠯᠲᠠᠨ ᠮᠧᠳᠠᠯ᠂ ᠪ ∙ ᠴᠣᠯᠮᠣᠨ ᠮᠥᠩᠭᠥᠨ ᠮᠧᠳᠠᠯ᠂ D ∙ ᠴᠡᠯᠮᠡᠭᠦᠨ ᠮᠥᠩᠭᠥᠨ ᠮᠧᠳᠠᠯ ᠬᠦᠷᠲᠡᠭᠰᠡᠨ ᠪᠠᠢᠨ᠎ᠠ᠃

ᠲᠣᠰ ᠨᠠᠭᠠᠳᠤᠮ ᠳᠤ ᠮᠣᠩᠭᠣᠯ᠂ ᠣᠷᠣᠰ᠂ ᠬᠢᠲᠠᠳ  ᠤᠨ ᠨᠡᠢᠲᠡ 783 ᠲᠠᠮᠢᠷᠴᠢᠨ ᠰᠫᠣᠷᠲ ᠤᠨ 10 ᠲᠥᠷᠥᠯ ᠳᠦ ᠥᠷᠢᠰᠦᠯᠳᠦᠵᠦ ᠪᠠᠢᠨ᠎ᠠ᠃ ᠮᠣᠩᠭᠣᠯ ᠤᠯᠤᠰ ᠠᠴᠠ ᠰᠫᠣᠷᠲ ᠤᠨ ᠨᠠᠢᠮᠠᠨ ᠲᠥᠷᠥᠯ ᠳᠦ 76 ᠲᠠᠮᠢᠷᠴᠢᠨ᠂ 11 ᠳᠠᠰᠬᠠᠯᠵᠢᠭᠤᠯᠤᠭᠴᠢ ᠶᠢᠨ ᠬᠠᠮᠲᠤ ᠣᠷᠣᠯᠴᠠᠵᠤ ᠪᠠᠢᠭ᠎ᠠ ᠶᠤᠮ᠃

ᠰᠡᠳᠬᠢᠭᠳᠡᠯ ᠦᠯᠡᠳᠡᠭᠡᠬᠦ