ᠣ᠊ ∙ ᠬᠤᠯᠠᠨ᠄ ᠣᠳᠣ ᠪᠢᠳᠡᠨ ᠳᠦ ᠠᠯᠳᠠᠬᠤ ᠵᠦᠢᠯ ᠪᠠᠢᠬᠤ ᠦᠭᠡᠢ | News.MN

ᠣ᠊ ∙ ᠬᠤᠯᠠᠨ᠄ ᠣᠳᠣ ᠪᠢᠳᠡᠨ ᠳᠦ ᠠᠯᠳᠠᠬᠤ ᠵᠦᠢᠯ ᠪᠠᠢᠬᠤ ᠦᠭᠡᠢ

ᠮᠣᠩᠭᠣᠯ ᠤᠨ ᠰᠠᠭᠰᠤᠨ ᠪᠥᠮᠪᠥᠭᠡ ᠶᠢᠨ ᠡᠮᠡᠭᠲᠡᠢ ᠰᠢᠭᠰᠢᠭᠡ ᠪᠠᠭ ᠮᠠᠯᠠᠢᠽᠢ ᠶᠢ ᠬᠣᠵᠢᠵᠤ᠂ ᠠᠽᠢᠶ᠎ᠠ ᠶᠢᠨ ᠨᠠᠭᠠᠳᠤᠮ ᠤᠨ ᠬᠠᠰᠤᠭᠳᠠᠬᠤ ᠱᠠᠲᠤᠨ ᠳᠤ ᠰᠢᠯᠭᠠᠷᠠᠯ᠎ᠠ᠃ ᠲᠡᠳᠡ ᠬᠠᠮᠤᠭ ᠤᠨ ᠰᠡᠭᠦᠯ ᠳᠦ 2018 ᠣᠨ ᠳᠤ ᠤᠭ ᠠᠮᠵᠢᠯᠲᠠ ᠶᠢ ᠦᠵᠡᠭᠦᠯᠵᠦ ᠪᠠᠢᠪᠠ᠃ ᠮᠠᠯᠠᠢᠽᠢ ᠶᠢᠨ ᠡᠰᠡᠷᠭᠦ 31 ᠣᠨᠣᠭ᠎ᠠ ᠠᠪᠴᠤ᠂ ᠣᠨᠣᠭ᠎ᠠ ᠠᠪᠤᠯᠲᠠ ᠪᠠᠷ ᠢᠶᠠᠨ ᠪᠦᠬᠦ ᠲᠣᠭᠯᠠᠭᠴᠢᠳ ᠢ ᠲᠡᠷᠢᠭᠦᠯᠡᠭᠰᠡᠨ ᠭᠠᠪᠢᠶᠠᠲᠤ ᠲᠠᠮᠢᠷᠴᠢᠨ ᠣ᠊ ∙ ᠬᠤᠯᠠᠨ ᠲᠣᠭᠯᠠᠯᠲᠠ ᠶᠢᠨ ᠳᠠᠷᠠᠭ᠎ᠠ ᠡᠢᠨ ᠶᠠᠷᠢᠪᠠ᠃

-ᠮᠠᠯᠠᠢᠽᠢ ᠶᠢᠨ ᠡᠰᠡᠷᠭᠦ ᠰᠡᠭᠦᠯ ᠦᠨ ᠲᠣᠭᠯᠠᠯᠲᠠ ᠪᠠᠨ ᠬᠢᠵᠦ᠂ ᠬᠠᠰᠤᠭᠳᠠᠬᠤ ᠱᠠᠲᠤᠨ ᠳᠤ ᠰᠢᠯᠭᠠᠷᠠᠬᠤ ᠡᠷᠬᠡ ᠪᠡᠨ ᠠᠪᠤᠯ᠎ᠠ᠃ ᠲᠣᠭᠯᠠᠯᠲᠠ ᠬᠢᠷᠢ ᠪᠣᠯᠵᠤ ᠥᠩᠭᠡᠷᠡᠪᠡ ?

– ᠶᠠᠭᠤᠨ ᠤ ᠡᠮᠦᠨ᠎ᠡ ᠢᠯᠠᠯᠲᠠ ᠪᠠᠢᠭᠤᠯᠤᠭᠰᠠᠨ ᠳᠤ ᠪᠠᠨ ᠪᠠᠶᠠᠷ ᠲᠠᠢ ᠪᠠᠢᠨ᠎ᠠ᠃ ᠭᠡᠬᠦ ᠳᠦ ᠪᠡᠨ ᠬᠠᠮᠠᠭᠠᠯᠠᠯᠲᠠ ᠳᠡᠭᠡᠷ᠎ᠡ ᠨᠡᠯᠢᠶᠡᠳ ᠶᠡᠬᠡ ᠠᠯᠳᠠᠭ᠎ᠠ ᠭᠠᠷᠭᠠᠵᠤ᠂ ᠥᠷᠢᠰᠦᠯᠳᠦᠭᠴᠢᠳ ᠢᠶᠡᠨ ᠣᠯᠠᠨ ᠪᠣᠯᠤᠮᠵᠢ ᠣᠯᠭᠤᠭᠰᠠᠨ ᠭᠡᠵᠦ ᠪᠣᠳᠣᠵᠤ ᠪᠠᠢᠨ᠎ᠠ᠃ ᠡᠨᠡ ᠲᠠᠯ᠎ᠠ ᠳᠡᠭᠡᠷ᠎ᠡ ᠴᠢᠨᠠᠭᠰᠢᠳᠠ ᠠᠵᠢᠯᠯᠠᠬᠤ ᠵᠦᠢᠯ ᠶᠡᠬᠡ ᠪᠠᠢᠨ᠎ᠠ᠃ ᠮᠠᠨ ᠤ ᠳᠠᠰᠬᠠᠯᠵᠢᠭᠤᠯᠤᠭᠴᠢ ᠴᠤ ᠪᠠᠰᠠ ᠡᠭᠦᠨ ᠳᠦ ᠶᠡᠬᠡ ᠰᠡᠳᠬᠢᠯ ᠳᠤᠮᠳᠠᠭᠤᠷ ᠪᠠᠢᠭᠰᠠᠨ᠃

ᠬᠠᠰᠤᠭᠳᠠᠬᠤ ᠱᠠᠲᠤᠨ ᠳᠤ ᠰᠢᠯᠭᠠᠷᠠᠵᠤ᠂ ᠠᠽᠢᠶ᠎ᠠ ᠶᠢᠨ ᠳᠡᠪᠵᠢᠶᠡᠨ ᠳᠦ ᠳᠠᠬᠢᠨ ᠥᠷᠢᠰᠦᠯᠳᠦᠬᠦ ᠪᠣᠯᠤᠮᠵᠢ ᠣᠯᠳᠠᠭᠰᠠᠨ ᠳᠤ ᠪᠠᠨ ᠪᠠᠶᠠᠷ ᠲᠠᠢ ᠪᠠᠢᠨ᠎ᠠ᠃

-ᠬᠠᠰᠤᠭᠳᠠᠬᠤ ᠱᠠᠲᠤᠨ ᠤ ᠡᠬᠢᠨ ᠦ ᠲᠣᠭᠯᠠᠯᠲᠠ ᠳᠦ ᠬᠢᠲᠠᠳ᠂ ᠶᠠᠫᠣᠨ ᠡᠰᠡᠪᠡᠯ ᠡᠮᠦᠨᠡᠲᠦ ᠰᠣᠯᠣᠩᠭᠣᠰ ᠤᠨ ᠠᠯᠢ ᠨᠢᠭᠡ ᠲᠡᠢ ᠲᠣᠭᠯᠠᠨ᠎ᠠ᠃ ᠡᠨᠡ ᠲᠣᠭᠯᠠᠯᠲᠠ ᠳᠦ ᠬᠢᠷᠢ ᠪᠡᠯᠡᠳᠬᠡᠯ ᠲᠡᠢ ᠪᠠᠢᠨ᠎ᠠ ᠪᠤᠢ?

–ᠳᠠᠬᠢᠨ ᠨᠢᠭᠡ ᠲᠣᠭᠯᠠᠬᠤ ᠪᠣᠯᠤᠮᠵᠢ ᠣᠯᠳᠠᠭᠰᠠᠨ ᠳᠤ ᠪᠠᠨ ᠪᠠᠶᠠᠷ ᠲᠠᠢ ᠪᠠᠢᠨ᠎ᠠ᠃ ᠬᠣᠵᠢᠪᠠᠯ ᠰᠢᠯᠢᠳᠡᠭ ᠳᠥᠷᠪᠡ ᠳᠦ ᠦᠯᠡᠳᠡᠨ᠎ᠡ᠂ ᠬᠣᠵᠢᠭᠳᠠᠪᠠᠯ ᠭᠡᠷ ᠲᠦ ᠪᠡᠨ ᠬᠠᠷᠢᠨ᠎ᠠ᠃ ᠣᠳᠣ ᠪᠢᠳᠡᠨ ᠳᠦ ᠠᠯᠳᠠᠬᠤ ᠵᠦᠢᠯ ᠪᠠᠢᠬᠤ ᠦᠭᠡᠢ᠃ ᠲᠡᠢᠮᠦ ᠡᠴᠡ ᠬᠠᠮᠤᠭ ᠤᠨ ᠰᠠᠢᠨ ᠢᠶᠠᠷ ᠢᠶᠠᠨ ᠲᠣᠭᠯᠠᠨ᠎ᠠ᠃ ᠰᠠᠭᠰᠤᠨ ᠪᠥᠮᠪᠥᠭᠡ ᠪᠡᠨ ᠡᠬᠡ ᠣᠷᠣᠨ ᠤ ᠪᠠᠨ ᠲᠥᠯᠥᠭᠡ ᠲᠣᠭᠯᠠᠨ᠎ᠠ ᠭᠡᠳᠡᠭ ᠮᠠᠰᠢ ᠲᠣᠮᠣ ᠠᠵᠠ ᠵᠢᠷᠭᠠᠯ ᠭᠡᠵᠦ ᠪᠣᠳᠣᠳᠠᠭ᠃

ᠰᠡᠳᠬᠢᠭᠳᠡᠯ ᠦᠯᠡᠳᠡᠭᠡᠬᠦ