ᠳᠡᠯᠡᠬᠡᠢ ᠳ᠋ᠠᠬᠢᠨ ᠳᠤ ᠨᠡᠷ᠎ᠡ ᠬᠦᠨᠳᠦ ᠲᠡᠢ 《The Economist》ᠰᠡᠳᠬᠦᠯ ᠥᠩᠭᠡᠷᠡᠭᠴᠢ 17 ᠤ ᠳ᠋ᠤᠭᠠᠷ ᠲᠤ ᠪᠠᠨ《The Right Way To Learn From Genghis Khan》ᠪᠤᠶᠤ《ᠴᠢᠩᠭᠢᠰ ᠬᠠᠭᠠᠨ ᠠᠴᠠ ᠰᠤᠷᠤᠯᠴᠠᠬᠤ ᠵᠥᠪ ᠠᠷᠭ᠎ᠠ ᠵᠠᠮ》ᠬᠡᠮᠡᠬᠦ ᠥᠭᠦᠯᠡᠯ ᠨᠡᠢᠲᠡᠯᠡᠵᠡᠢ᠃ ᠤᠳᠤᠷᠢᠳᠤᠨ ᠮᠠᠩᠯᠠᠢᠯᠠᠬᠤ ᠤᠷ᠎ᠠ ᠤᠬᠠᠭᠠᠨ ᠪᠣᠯᠤᠨ ᠲᠡᠦᠬᠡᠨ ᠮᠠᠩᠯᠠᠢᠯᠠᠭᠴᠢᠳ ᠠᠴᠠ ᠬᠡᠷᠬᠢᠨ ᠰᠤᠷᠤᠯᠴᠠᠬᠤ ᠲᠤᠬᠠᠢ ᠤᠭ ᠥᠭᠦᠯᠡᠯ ᠳᠦ ᠶᠠᠭᠤᠨ ᠤ ᠲᠦᠷᠦᠭᠦᠨ ᠳᠦ ᠮᠠᠩᠯᠠᠢᠯᠠᠯ ᠪᠠ ᠲᠡᠦᠬᠡᠨ ᠰᠤᠷᠭᠠᠮᠵᠢ ᠶᠢᠨ ᠠᠰᠠᠭᠤᠳᠠᠯ ᠢ ᠳᠡᠪᠰᠢᠭᠦᠯᠦᠭᠰᠡᠨ ᠪᠠᠢᠨ᠎ᠠ᠃
ᠠᠮᠵᠢᠯᠲᠠ ᠦᠭᠡᠢ ᠶᠠᠪᠤᠭ᠎ᠠ ᠪᠣᠷᠣᠯᠠᠭᠤᠯᠤᠯᠲᠠ ᠶᠢᠨ ᠪᠠᠭ ᠢ ᠤᠳᠤᠷᠢᠳᠬᠤ ᠡᠰᠡᠪᠡᠯ ᠪᠠᠢᠭᠤᠯᠤᠯᠭ᠎ᠠ ᠶᠢᠨ ᠮᠧᠨᠧᠵᠮᠧᠨᠲ ᠢ ᠰᠠᠢᠵᠢᠷᠠᠭᠤᠯᠬᠤ ᠳᠤ ᠴᠢᠩᠭᠢᠰ ᠬᠠᠭᠠᠨ ᠤ ᠲᠡᠦᠬᠡ᠂ ᠲᠠᠺᠲ᠋ᠢᠺ ᠠᠴᠠ ᠶᠠᠭᠤ ᠶᠢ ᠰᠤᠷᠴᠤ ᠪᠣᠯᠬᠤ ᠪᠤᠢ ᠭᠡᠳᠡᠭ ᠠᠰᠠᠭᠤᠯᠲᠠ ᠶᠢ ᠡᠨᠳᠡ ᠬᠥᠨᠳᠡᠵᠦ᠂ ᠲᠡᠦᠬᠡᠨ ᠮᠠᠩᠯᠠᠢᠯᠠᠭᠴᠢᠳ ᠢ ᠣᠷᠴᠢᠨ ᠦᠶ᠎ᠡ ᠶᠢᠨ ᠪᠢᠽᠢᠨᠧᠰ ᠪᠣᠯᠤᠨ ᠤᠳᠤᠷᠢᠳᠤᠯᠭ᠎ᠠ ᠶᠢᠨ ᠠᠭᠤᠯᠭ᠎ᠠ ᠪᠠᠷ ᠬᠡᠷᠬᠢᠨ ᠵᠥᠪ ᠤᠢᠯᠠᠭᠠᠬᠤ ᠲᠠᠯ᠎ᠠ ᠪᠠᠷ ᠮᠥᠨ ᠦᠭᠦᠯᠡᠵᠡᠢ᠃
ᠤᠯᠠᠮ ᠢᠶᠠᠷ ᠮᠠᠩᠯᠠᠢᠯᠠᠭᠴᠢᠳ ᠤᠨ ᠨᠠᠮᠲᠠᠷ ᠪᠣᠯᠤᠨ ᠲᠡᠳᠡᠨ ᠦ ᠵᠣᠷᠢᠯᠭ᠎ᠠ ᠳᠤ ᠪᠠᠨ ᠬᠦᠷᠦᠭᠰᠡᠨ ᠲᠤᠬᠠᠢ ᠶᠢᠨ ᠦᠶ᠎ᠡ ᠶᠢᠨ ᠨᠥᠬᠥᠴᠡᠯ ᠪᠠᠢᠳᠠᠯ ᠮᠠᠩᠯᠠᠢᠯᠠᠯ ᠤᠨ ᠲᠠᠯ᠎ᠠ ᠪᠠᠷ ᠶᠠᠭᠤ ᠦᠭᠦᠯᠡᠵᠦ ᠪᠤᠢ ᠶᠢ ᠬᠠᠷᠢᠴᠠᠭᠤᠯᠤᠨ ᠰᠤᠳᠤᠯᠤᠭᠰᠠᠨ ᠢᠶᠠᠨ ᠬᠦᠦᠷᠨᠢᠭᠰᠡᠨ ᠪᠠᠢᠨ᠎ᠠ᠃ ᠡᠴᠦᠰ ᠲᠦ ᠨᠢ ᠴᠢᠩᠭᠢᠰ ᠬᠠᠭᠠᠨ ᠵᠡᠷᠭᠡ ᠠᠭᠤᠤ ᠲᠡᠦᠬᠡᠨ ᠵᠢᠳᠬᠦᠯᠲᠡᠳ ᠡᠴᠡ ᠰᠤᠷᠤᠯᠴᠠᠬᠤ ᠳᠤ ᠪᠠᠨ ᠲᠡᠳᠡᠨ ᠦ ᠠᠰᠢᠭᠯᠠᠵᠤ ᠪᠠᠢᠭᠰᠠᠨ ᠠᠷᠭ᠎ᠠ ᠲᠠᠺᠲ᠋ᠢᠺ᠂ ᠬᠠᠲᠠᠭᠤ ᠴᠢᠩᠳᠠ ᠪᠣᠳᠣᠯᠭ᠎ᠠ ᠶᠢ ᠰᠢᠭᠤᠳ ᠬᠠᠭᠤᠯᠪᠤᠷᠢᠯᠠᠬᠤ ᠪᠢᠰᠢ᠂ ᠪᠤᠢ ᠪᠣᠯᠭᠠᠭᠰᠠᠨ ᠵᠣᠬᠢᠶᠠᠨ ᠪᠠᠢᠭᠤᠯᠤᠯᠲᠠ ᠶᠢᠨ ᠪᠦᠲᠦᠴᠡ᠂ ᠰᠦᠯᠵᠢᠶ᠎ᠡ᠂ ᠤᠶᠠᠨ ᠬᠠᠲᠠᠨ ᠴᠢᠨᠠᠷ᠂ ᠵᠣᠬᠢᠶᠠᠨ ᠪᠠᠢᠭᠤᠯᠤᠯᠲᠠ ᠶᠢᠨ ᠴᠢᠳᠠᠪᠤᠷᠢ ᠠᠴᠠ ᠰᠤᠷᠤᠯᠴᠠᠬᠤ ᠨᠢ ᠬᠠᠮᠤᠭ ᠤᠨ ᠵᠥᠪ ᠠᠷᠭ᠎ᠠ ᠵᠠᠮ ᠭᠡᠳᠡᠭ ᠢ ᠣᠨᠴᠠᠯᠠᠭᠰᠠᠨ ᠪᠠᠢᠨ᠎ᠠ᠃
200 ᠰᠢᠬᠠᠮ ᠵᠢᠯ ᠦᠨ ᠲᠡᠦᠬᠡ ᠲᠡᠢ ᠶᠡᠬᠡ ᠪᠷᠢᠲ᠋ᠠᠨ ᠤ《The Economist》ᠰᠡᠳᠬᠦᠯ ᠪᠣᠳᠣᠯᠭ᠎ᠠ ᠶᠢᠨ ᠢᠶᠠᠨ ᠬᠤᠪᠢ ᠳᠤ ᠰᠣᠩᠭᠣᠳᠠᠭ ᠯᠢᠪᠧᠷᠡᠯᠢᠰᠮ᠂ ᠴᠢᠯᠦᠭᠡᠲᠦ ᠬᠤᠳᠠᠯᠳᠤᠭ᠎ᠠ᠂ ᠵᠠᠬ᠎ᠠ ᠵᠡᠭᠡᠯᠢ ᠶᠢᠨ ᠡᠳ᠋ ᠦᠨ ᠵᠠᠰᠠᠭ᠂ ᠬᠤᠪᠢ ᠬᠦᠮᠦᠨ ᠦ ᠡᠷᠬᠡ ᠴᠢᠯᠦᠭᠡ ᠶᠢ ᠲᠤᠤᠱᠲᠠᠢ ᠳᠡᠮᠵᠢᠳᠡᠭ᠃ ᠲᠤᠰ ᠰᠡᠳᠬᠦᠯ ᠳᠡᠯᠡᠬᠡᠢ ᠶᠢᠨ ᠤᠯᠤᠰ ᠲᠥᠷᠥ ᠶᠢᠨ ᠮᠠᠩᠯᠠᠢᠯᠠᠭᠴᠢᠳ᠂ ᠲᠥᠷᠥ ᠶᠢᠨ ᠲᠡᠷᠢᠭᠦᠨ ᠨᠦᠭᠦᠳ᠂ ᠲᠣᠮᠣᠬᠠᠨ ᠺᠣᠷᠫᠣᠷᠠᠼ ᠤᠳ ᠤᠨ ᠭᠦᠢᠴᠡᠳᠭᠡᠬᠦ ᠵᠠᠬᠢᠷᠤᠯ ᠤᠳ᠂ ᠬᠥᠷᠥᠩᠭᠡ ᠣᠷᠣᠭᠤᠯᠤᠭᠴᠢᠳ ᠪᠣᠯᠤᠨ ᠠᠺᠠᠳᠧᠮᠢᠺ ᠰᠠᠯᠪᠤᠷᠢ ᠶᠢᠨ ᠬᠢᠨ ᠤ ᠵᠠᠪᠠᠯ ᠤᠩᠰᠢᠳᠠᠭ ᠬᠡᠪᠯᠡᠯ ᠳᠦ ᠲᠣᠭᠠᠴᠠᠭᠳᠠᠭᠰᠠᠭᠠᠷ ᠢᠷᠡᠵᠡᠢ᠃ ᠰᠣᠨᠢᠷᠬᠠᠯᠲᠠᠢ ᠨᠢ᠂《The Economist》ᠨᠡᠢᠲᠡᠯᠡᠯ ᠳᠦ ᠪᠡᠨ ᠰᠡᠳᠬᠦᠯᠴᠢ ᠶᠢᠨ ᠨᠡᠷ᠎ᠡ ᠲᠠᠯᠪᠢᠳᠠᠭ ᠦᠭᠡᠢ ᠪᠥᠭᠡᠳ ᠡᠨᠡ ᠨᠢ ᠲᠤᠬᠠᠢ ᠶᠢᠨ ᠥᠭᠦᠯᠡᠯ ᠬᠤᠪᠢ ᠰᠡᠳᠬᠦᠯᠴᠢ ᠶᠢᠨ ᠦᠵᠡᠯ ᠪᠣᠳᠣᠯ ᠪᠢᠰᠢ᠂ ᠬᠠᠷᠢᠨ ᠷᠧᠳᠠᠺᠼ ᠤᠨ ᠨᠢᠭᠡᠳᠦᠮᠡᠯ᠂ ᠨᠤᠬᠤᠴᠠᠲᠠᠢ ᠳ᠋ᠦᠩᠨᠡᠯᠲᠡ ᠭᠡᠳᠡᠭ ᠢ ᠢᠯᠡᠳᠬᠡᠳᠡᠭ ᠪᠠᠢᠨ᠎ᠠ᠃



