ᠬᠠᠰ ᠪᠠᠩᠬᠢ ᠧᠦ᠋ᠷᠣᠫᠠ ᠶᠢᠨ ᠰᠡᠷᠭᠦᠭᠡᠨ ᠪᠣᠰᠬᠠᠯᠲᠠ ᠬᠥᠭᠵᠢᠯ ᠦᠨ ᠪᠠᠩᠬᠢ ᠲᠠᠢ ᠬᠠᠮᠲᠤᠷᠠᠨ ᠰᠢᠨ᠎ᠡ ᠪᠡᠷ ᠣᠯᠭᠣᠬᠤ ᠵᠢᠵᠢᠭ ᠳᠤᠮᠳᠠ ᠪᠢᠽᠢᠨᠧᠰ ᠦᠨ ᠵᠢᠭᠡᠯᠡ ᠶᠢᠨ ᠡᠷᠡᠰᠳᠡᠯ ᠦᠨ 50 ᠬᠦᠷᠲᠡᠯᠡᠬᠢ ᠬᠤᠪᠢ ᠳᠤ ᠪᠠᠲᠤᠯᠠᠭ᠎ᠠ ᠭᠠᠷᠭᠠᠬᠤ᠂ ᠨᠡᠢᠲᠡ 25 ᠰᠠᠶ᠎ᠠ ᠡᠸᠦ᠋ᠷᠤ᠋ ᠶᠢᠨ ᠳ᠋ᠦᠩ ᠲᠡᠢ ᠰᠠᠩᠬᠦᠦ ᠶᠢᠨ ᠡᠷᠡᠰᠳᠡᠯ ᠬᠤᠪᠢᠶᠠᠯᠴᠠᠬᠤ ᠬᠥᠲᠥᠯᠪᠦᠷᠢ ᠶᠢ ᠰᠠᠯᠪᠤᠷᠢ ᠳᠤ ᠪᠠᠨ ᠠᠩᠬᠠᠯᠠᠨ ᠬᠡᠷᠡᠭᠵᠢᠭᠦᠯᠬᠦ ᠪᠡᠷ ᠭᠡᠷ᠎ᠡ ᠳᠦ ᠭᠠᠷ ᠤᠨ ᠦᠰᠦᠭ ᠵᠢᠷᠤᠯ᠎ᠠ᠃
ᠧᠦ᠋ᠷᠣᠫᠠ ᠶᠢᠨ ᠬᠣᠯᠪᠣᠭᠠᠨ ᠤ ᠳᠡᠮᠵᠢᠯᠭᠡ ᠲᠡᠢ ᠪᠡᠷ ᠬᠡᠷᠡᠭᠵᠢᠵᠦ ᠪᠤᠢ ᠡᠨᠡ ᠬᠦ ᠰᠢᠨ᠎ᠡ ᠬᠥᠲᠥᠯᠪᠦᠷᠢ ᠨᠢ ᠪᠢᠴᠢᠯ᠂ ᠵᠢᠵᠢᠭ ᠳᠤᠮᠳᠠ ᠪᠢᠽᠢᠨᠧᠰ ᠦᠳ ᠲᠦ ᠴᠢᠭᠯᠡᠭᠰᠡᠨ ᠰᠠᠩᠬᠦᠦᠵᠢᠯᠲᠡ ᠶᠢ ᠥᠷᠭᠡᠵᠢᠭᠦᠯᠬᠦ᠂ ᠪᠢᠽᠢᠨᠧᠰ ᠡᠷᠬᠢᠯᠡᠭᠴᠢᠳ ᠲᠦ ᠡᠷᠭᠢᠯᠲᠡ ᠶᠢᠨ ᠬᠥᠷᠥᠩᠭᠡ ᠶᠢᠨ ᠬᠡᠷᠡᠭᠴᠡᠭᠡ ᠪᠡᠨ ᠬᠠᠩᠭᠠᠨ᠂ ᠦᠢᠯᠡ ᠠᠵᠢᠯᠯᠠᠭ᠎ᠠ ᠪᠠᠨ ᠲᠡᠯᠡᠬᠦ ᠳᠦ ᠨᠢ ᠳᠡᠮᠵᠢᠯᠭᠡ ᠦᠵᠡᠭᠦᠯᠬᠦ ᠵᠣᠷᠢᠯᠭ᠎ᠠ ᠲᠠᠢ ᠶᠤᠮ᠃



