EMart ᠰᠦᠯᠵᠢᠶ᠎ᠡ ᠳᠡᠯᠭᠡᠭᠦᠷ ᠦᠨ ᠬᠠᠨ-ᠠᠭᠤᠯᠠ ᠳᠡᠭᠦᠷᠭᠡ ᠳ᠋ᠡᠬᠢ ᠰᠠᠯᠪᠤᠷᠢ ᠳᠤ ᠮᠣᠩᠭᠣᠯ ᠤᠨ ᠠᠩᠬᠠᠨ ᠤ ᠠᠯᠲᠠᠨ ᠤ ᠺᠢᠣᠰᠺ ᠨᠡᠭᠡᠭᠡᠭᠳᠡᠯ᠎ᠡ᠃ ᠺᠢᠣᠰᠺ 1᠂ 2.5᠂ 5᠂ 10᠂ 100 ᠭᠷᠡᠮ ᠠᠴᠠ ᠨᠢᠭᠡ ᠺᠢᠯᠦᠭ᠍ᠷᠡᠮ ᠬᠦᠷᠲᠡᠯᠡᠬᠢ ᠬᠡᠮᠵᠢᠶ᠎ᠡ ᠪᠦᠬᠦᠢ ᠠᠯᠲᠠᠨ ᠭᠤᠯᠳᠤᠮᠠᠢ ᠬᠤᠳᠠᠯᠳᠤᠬᠤ ᠪᠥᠭᠡᠳ ᠡᠳᠡᠭᠡᠷ ᠨᠢ ᠪᠦᠭᠦᠳᠡ 999.9 ᠰᠣᠷᠢᠴᠠ᠂ ISO ᠪᠠᠲᠤᠯᠠᠭ᠎ᠠ ᠲᠠᠢ ᠶᠤᠮ᠃ ᠲᠥᠯᠥᠪᠦᠷᠢ ᠶᠢ FGN APP ᠪᠣᠯᠤᠨ ᠺᠠᠷᠲ ᠢᠶᠠᠷ ᠬᠢᠵᠦ ᠪᠣᠯᠤᠨ᠎ᠠ᠃
ᠠᠯᠲᠠ ᠶᠢ ᠺᠢᠣᠰᠺ ᠢᠶᠠᠷ ᠬᠤᠳᠠᠯᠳᠤᠬᠤ ᠦᠢᠯᠡᠴᠢᠯᠡᠭᠡ ᠶᠢ ᠡᠬᠢᠯᠡᠭᠦᠯᠦᠭᠰᠡᠨ《Fine Gold Nation》ᠺᠣᠮᠫᠠᠨᠢ 2023 ᠣᠨ ᠳᠤ ᠪᠠᠢᠭᠤᠯᠤᠭᠳᠠᠵᠠᠢ᠃ ᠠᠯᠲᠠ ᠬᠤᠳᠠᠯᠳᠤᠨ ᠠᠪᠬᠤ᠂ ᠵᠠᠷᠤᠬᠤ᠂ ᠬᠠᠳᠠᠭᠠᠯᠠᠬᠤ᠂ ᠠᠷᠠᠯᠵᠢᠬᠤ᠂ ᠠᠯᠲᠠ ᠪᠠᠷᠢᠴᠠᠭᠠᠯᠠᠨ ᠵᠢᠭᠡᠯᠡ ᠠᠪᠬᠤ᠂ ᠥᠪᠯᠡᠭᠦᠯᠬᠦ ᠪᠣᠯᠤᠮᠵᠢ ᠪᠦᠬᠦᠢ ᠨᠢᠭᠡᠳᠦᠭᠰᠡᠨ ᠳ᠋ᠢᠵᠢᠲ᠋ᠠᠯ ᠫᠯᠠᠲ᠋ᠹᠣᠷᠮ ᠬᠥᠭᠵᠢᠭᠦᠯᠵᠦ ᠪᠤᠢ ᠲᠤᠰ ᠺᠣᠮᠫᠠᠨᠢ ᠥᠪᠡᠷ ᠦᠨ ᠭᠡᠰᠡᠨ ᠪᠡᠶᠡᠲᠦ ᠠᠯᠲᠠᠨ ᠤ ᠨᠥᠭᠡᠴᠡ ᠲᠡᠢ ᠪᠥᠭᠡᠳ ᠠᠯᠲᠠ ᠪᠣᠯᠪᠠᠰᠤᠷᠠᠭᠤᠯᠬᠤ ᠦᠢᠯᠡᠳᠪᠦᠷᠢ ᠪᠡᠨ ᠡᠨᠡ ᠣᠨ ᠳᠤ ᠪᠠᠭᠲᠠᠭᠠᠨ ᠠᠰᠢᠭᠯᠠᠯᠲᠠ ᠳᠤ ᠤᠷᠤᠭᠤᠯᠬᠤ ᠶᠤᠮ᠃ ᠤᠯᠠᠮ ᠢᠶᠠᠷ ᠮᠣᠩᠭᠣᠯ ᠤᠯᠤᠰ ᠤᠨ ᠪᠦᠬᠦ ᠠᠢᠮᠠᠭ᠂ ᠬᠣᠲᠠ ᠰᠠᠭᠤᠷᠢᠨ ᠭᠠᠵᠠᠷ ᠲᠤ ᠠᠯᠲᠠ ᠬᠤᠳᠠᠯᠳᠤᠬᠤ ᠺᠢᠣᠰᠺ ᠪᠠᠢᠭᠤᠯᠬᠤ ᠶᠢ ᠵᠣᠷᠢᠵᠤ ᠪᠠᠢᠨ᠎ᠠ᠃



