ᠮᠣᠩᠭᠣᠯ ᠤᠨ ᠾᠠᠷᠳ᠋ ᠡᠧᠨᠳᠤᠷᠤ᠋ ᠮᠤᠲ᠋ᠤ᠋ ᠰᠫᠣᠷᠲ ᠤᠨ ᠲᠠᠮᠢᠷᠴᠢᠳ ᠤᠨ ᠬᠤᠷᠳᠤ᠂ ᠲᠡᠰᠪᠦᠷᠢ ᠬᠠᠲᠠᠭᠤᠵᠢᠯ᠂ ᠵᠢᠯᠣᠭᠣᠳᠤᠯᠭ᠎ᠠ ᠶᠢᠨ ᠤᠷ᠎ᠠ ᠴᠢᠳᠠᠪᠤᠷᠢ ᠶᠢ ᠰᠣᠷᠢᠳᠠᠭ 《X Hills Hard Enduro 2026》 ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠳᠥᠷᠪᠡᠳᠦᠭᠡᠷ ᠭᠠᠷᠤᠭ᠎ᠠ ᠰᠡᠯᠡᠩᠭᠡ ᠠᠢᠮᠠᠭ ᠤᠨ ᠰᠦᠬᠡᠪᠠᠭᠠᠲᠤᠷ ᠰᠤᠮᠤᠨ ᠳᠤ ᠪᠣᠯᠵᠤ ᠪᠠᠢᠨ᠎ᠠ᠃
ᠲᠡᠮᠡᠴᠡᠭᠡᠨ ᠦ ᠡᠬᠢᠨ ᠦ ᠡᠳᠦᠷ ᠦᠨ ᠭᠠᠷᠤᠭ᠎ᠠ ᠥᠨᠥᠳᠥᠷ ᠰᠦᠬᠡᠪᠠᠭᠠᠲᠤᠷ ᠰᠤᠮᠤ ᠶᠢᠨ ᠲᠥᠪ ᠦᠨ ᠭᠡᠷᠡᠯᠲᠦ ᠭᠤᠳᠤᠮᠵᠢᠨ ᠳᠤ ᠪᠣᠯᠵᠤ᠂ ᠲᠠᠮᠢᠷᠴᠢᠳ ᠪᠣᠭᠣᠨᠢ ᠬᠤᠭᠤᠴᠠᠭᠠᠨ ᠳᠤ ᠬᠤᠷᠳᠤ᠂ ᠵᠢᠯᠣᠭᠣᠳᠤᠯᠭ᠎ᠠ ᠶᠢᠨ ᠲᠧᠭᠨᠢᠭ᠂ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠵᠦ᠂ ᠮᠠᠷᠭᠠᠰᠢ ᠶᠢᠨ ᠦᠨᠳᠦᠰᠦᠨ ᠭᠠᠷᠤᠭᠠᠨ ᠳᠤ ᠡᠵᠡᠯᠡᠬᠦ ᠪᠠᠢᠷᠢᠯᠠᠯ ᠢᠶᠠᠨ ᠲᠣᠳᠣᠷᠬᠠᠢᠯᠠᠵᠤ ᠪᠠᠢᠨ᠎ᠠ᠃ ᠲᠡᠮᠡᠴᠡᠭᠡᠨ ᠦ ᠦᠨᠳᠦᠰᠦᠨ ᠭᠠᠷᠤᠭ᠎ᠠ ᠮᠠᠷᠭᠠᠰᠢ ᠰᠠᠯᠬᠢᠲᠤ ᠶᠢᠨ ᠠᠮᠠᠨ ᠤ ᠮᠣᠲ᠋ᠣᠼᠢᠺᠠᠯ ᠤᠨ ᠵᠠᠮ᠂ ᠲᠠᠯᠠᠪᠠᠢ ᠶᠢᠨ ᠠᠷᠤ ᠶᠢᠨ ᠠᠭᠤᠯᠠ ᠶᠢᠨ ᠪᠥᠰᠡ ᠳᠦ ᠦᠷᠭᠦᠯᠵᠢᠯᠡᠨ᠎ᠡ᠃
ᠰᠡᠯᠡᠩᠭᠡ ᠠᠢᠮᠠᠭ ᠲᠤ ᠪᠣᠯᠵᠤ ᠪᠤᠢ ᠲᠤᠰ ᠲᠡᠮᠡᠴᠡᠭᠡᠨ ᠨᠢ ᠤᠯᠤᠰ ᠤᠨ ᠠᠪᠤᠷᠭᠤ ᠶᠢᠨ ᠴᠤᠪᠤᠷᠠᠯ ᠤᠨ ᠳᠥᠷᠪᠡᠳᠦᠭᠡᠷ ᠭᠠᠷᠤᠭ᠎ᠠ ᠪᠥᠭᠡᠳ ᠲᠠᠮᠢᠷᠴᠢᠳ ᠤᠨ ᠤᠯᠠᠷᠢᠯ ᠤᠨ ᠴᠢᠨᠰᠠᠭ᠎ᠠ᠂ ᠣᠨᠣᠭ᠎ᠠ ᠪᠠᠨ ᠠᠬᠢᠭᠤᠯᠬᠤ ᠴᠢᠬᠤᠯᠠ ᠭᠠᠷᠤᠭ᠎ᠠ ᠪᠣᠯᠵᠤ ᠪᠠᠢᠨ᠎ᠠ᠃



