ᠠᠽᠢᠶ᠎ᠠ ᠶᠢᠨ ᠵᠤᠨ ᠤ ᠰᠫᠣᠷᠲ ᠤᠨ ᠬᠣᠷᠢᠳᠤᠭᠠᠷ ᠨᠠᠭᠠᠳᠤᠮ ᠶᠠᠫᠣᠨ ᠳᠤ ᠡᠨᠡ ᠰᠠᠷ᠎ᠠ ᠶᠢᠨ 19 ᠡᠴᠡ ᠠᠷᠪᠠᠳᠤᠭᠠᠷ ᠰᠠᠷ᠎ᠠ ᠶᠢᠨ 4 ᠦ ᠡᠳᠦᠷ ᠦᠳ ᠲᠦ ᠪᠣᠯᠤᠨ᠎ᠠ᠃
ᠲᠤᠰ ᠨᠠᠭᠠᠳᠤᠮ ᠤᠨ Jiu-jitsu ᠶᠢᠨ ᠲᠥᠷᠥᠯ ᠳᠦ ᠪᠤᠯᠠᠭᠠᠨ ᠠᠢᠮᠠᠭ ᠤᠨ ᠢᠷᠭᠡᠨ᠂ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠴᠣᠢᠵᠠᠮᠰᠤ ᠶᠢᠨ ᠲᠦᠪᠳᠤᠨᠲ᠋ᠠᠷᠪᠠ ᠣᠷᠣᠯᠴᠠᠨ᠎ᠠ᠃ ᠲᠡᠷᠡᠪᠡᠷ ᠡᠷᠡᠭᠲᠡᠢᠴᠦᠳ ᠦᠨ -69 ᠺᠢᠯᠦᠭ᠍ᠷᠡᠮ ᠤᠨ ᠵᠢᠩ ᠳᠦ ᠥᠷᠢᠰᠥᠯᠳᠥᠬᠦ ᠪᠥᠭᠡᠳ ᠲᠤᠰ ᠵᠢᠩ ᠦᠨ ᠪᠠᠷᠢᠯᠳᠤᠭᠠᠨ ᠶᠢᠰᠦᠳᠦᠭᠡᠷ ᠰᠠᠷ᠎ᠠ ᠶᠢᠨ 30 ᠳᠦ ᠡᠬᠢᠯᠡᠨ᠎ᠡ᠃
 ᠲᠡᠷᠡᠪᠡᠷ ᠮᠣᠩᠭᠣᠯ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠪᠥᠰᠡᠨ ᠦ ᠠᠩᠭᠢᠯᠠᠯ ᠦᠭᠡᠢ ᠲᠥᠷᠥᠯ ᠳᠦ 2023᠂ 2025᠂ 2026 ᠣᠨ ᠳᠤ ᠳᠠᠷᠠᠭᠠᠯᠠᠨ ᠭᠤᠷᠪᠠᠨ ᠤᠳᠠᠭ᠎ᠠ ᠲᠦᠷᠦᠭᠦᠯᠡᠭᠰᠡᠨ᠃ ᠮᠥᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠳᠡᠯᠡᠬᠡᠢ ᠶᠢᠨ ᠨᠠᠭᠠᠳᠤᠮ ᠵᠡᠷᠭᠡ ᠣᠯᠠᠨ ᠤᠯᠤᠰ ᠤᠨ ᠲᠡᠮᠡᠴᠡᠭᠡᠨ ᠨᠦᠭᠦᠳ ᠲᠦ ᠱᠠᠩᠨᠠᠯᠲᠤ ᠲᠠᠪᠤᠳᠤᠭᠠᠷ ᠪᠠᠢᠷᠢ ᠳᠤ ᠰᠢᠯᠭᠠᠷᠠᠵᠤ ᠪᠠᠢᠵᠠᠢ᠃



